     
   ☆☆
       
  3736771
   4886
   2012-03-04
   2018-06-03
  3428
 
 
【  】
ᠮᠤᠡᠭᠭᠤᠯᠴᠤᠳ ᠤᠨ ᠵᠠᠡᠭᠰᠢᠯ ᠤᠨ ᠬᠠᠤᠯᠢ ᠶ᠋ᠢᠨ ᠦᠢᠯᠡᠳᠦᠯ ᠢ ᠦᠭᠦᠯᠡᠬᠦ ᠨᠢ — ᠎᠎ᠾᠸᠪᠸᠢ ᠮᠤᠵᠢ ᠶ᠋ᠢᠨ ᠱᠠᠡᠭ ᠢ ᠰᠢᠶᠠᠨ ᠤ ᠬᠦᠢᠰᠦᠳᠦ ᠶ᠋ᠢᠨ ᠦᠷᠲᠡᠭᠡ ᠪᠡᠷ ᠵᠢᠱᠢᠶᠡᠯᠡᠬᠦ ᠨᠢ   

                               


ᠬᠤᠶᠠᠳᠤᠭᠠᠷ ᠬᠡᠰᠡᠭ   ᠬᠦᠢᠰᠦᠳᠦ ᠶ᠋ᠢᠨ ᠦᠷᠲᠡᠭᠡᠨ ᠤ ᠵᠦᠷᠢᠴᠡᠯ ᠪᠤᠯᠤᠨ ᠠᠳᠠᠯᠢᠰᠢᠯ
         
ᠵᠦᠷᠢᠴᠡᠯ ᠨᠢ ᠨᠡᠶᠢᠭᠡᠮ ᠤᠨ ᠲᠦᠭᠡᠮᠡᠯ ᠴᠢᠨᠠᠷ ᠪᠤᠯᠤᠭᠰᠠᠨ ᠤ ᠬᠤᠪᠢ ᠳ᠋ᠤ ᠬᠦᠢᠰᠦᠳᠦ ᠶ᠋ᠢᠨ ᠦᠷᠲᠡᠭᠡᠨ ᠤ ᠬᠦᠮᠦᠰ ᠲᠤᠳᠤᠭᠠᠳᠤ ᠳ᠋ᠠᠭᠠᠨ ᠪᠦᠷᠢᠮᠦᠰᠦᠨ ᠵᠦᠷᠢᠴᠡᠯ ᠪᠠᠶᠢᠬᠤ ᠦᠭᠡᠢ ᠭᠡᠰᠡᠨ ᠦᠭᠡ ᠪᠢᠰᠢ᠂ ᠲᠡᠳᠡᠨᠤᠰ ᠴᠤ ᠮᠦᠨ ᠪᠦᠯᠬᠦᠮ ᠤᠨ ᠲᠤᠳᠤᠭᠠᠳᠤ ᠭᠠᠳᠠᠭᠠᠳᠤ ᠶ᠋ᠢᠨ ᠵᠦᠷᠢᠴᠡᠯ ᠲᠠᠢ ᠵᠢᠵᠢᠭ ᠨᠡᠶᠢᠭᠡᠮ ᠳ᠋ᠤ ᠠᠮᠢᠳᠤᠷᠠᠵᠤ ᠪᠠᠶᠢᠨ᠎ᠠ᠃ ᠪᠠᠶᠢᠴᠠᠭᠠᠯᠳᠠ ᠲᠤᠮᠳᠠ ᠤᠢᠢᠯᠠᠭᠠᠭᠰᠠᠨ  ᠢᠶᠠᠷ ᠬᠦᠢᠰᠦᠳᠦ ᠶ᠋ᠢᠨ ᠦᠷᠲᠡᠭᠡᠨ  ᠤ ᠬᠦᠮᠦᠰ ᠪᠤᠰᠤᠳ ᠭᠠᠴᠠᠭ᠎ᠠ ᠲᠤᠰᠬᠤᠨ ᠲᠠᠢ ᠭᠠᠵᠠᠷ ᠤᠨ ᠵᠢᠭᠤᠷᠠᠭᠠᠨ ᠭᠠᠷᠴᠤ᠂ ᠲᠡᠭᠡᠲᠦ ᠱᠠᠳᠤᠨ ᠤ ᠵᠠᠰᠠᠭ ᠤᠨ ᠤᠷᠳᠤᠨ ᠨᠣᠭᠣᠳ ᠢᠶᠡᠨ ᠡᠷᠢᠭᠰᠡᠨ ᠢᠶᠡᠨ ᠵᠠᠷᠭᠤ ᠵᠠᠭᠠᠯᠳᠤᠯᠭ᠎ᠠ ᠬᠢᠯ᠎ᠡ ᠭᠡᠳᠡᠭ ᠪᠤᠯᠪᠠᠴᠤ ᠬᠠᠷᠢᠨ ᠰᠢᠬᠦᠬᠦ ᠬᠤᠷᠢᠶᠠᠨ ᠳ᠋ᠤ ᠵᠠᠷᠭᠤ ᠬᠢᠭ᠍ᠰᠡᠨ ᠬᠦᠮᠦᠨ ᠪᠠᠶᠢᠬᠤ ᠦᠭᠡᠢ᠂ ᠨᠡᠡᠭ ᠴᠤ ᠲᠤᠳᠤᠭᠠᠳᠤ ᠳ᠋ᠠᠭᠠᠨ ᠵᠢᠭᠤᠷᠠᠭᠠᠨ ᠭᠠᠷᠴᠤ ᠰᠢᠬᠦᠬᠦ ᠬᠤᠷᠢᠶᠠᠨ ᠳ᠋ᠤ ᠵᠠᠭᠠᠯᠳᠤᠯᠭ᠎ᠠ ᠲᠡᠪᠰᠢᠭᠦᠯᠦᠭᠰᠡᠨ ᠤᠴᠢᠷ ᠪᠠᠶᠢᠬᠤ ᠦᠭᠡᠢ ᠪᠠᠶᠢᠨ᠎ᠠ᠃
ᠬᠦᠢᠰᠦᠳᠦ ᠶ᠋ᠢᠨ ᠦᠷᠲᠡᠭᠡᠨ ᠤ ᠬᠦᠮᠦᠰ ᠲᠤᠳᠤᠷ᠎ᠠ ᠪᠠᠨ ᠵᠤᠳᠤᠭᠠᠨ ᠬᠢᠭ᠍ᠰᠡᠨ ᠡᠰᠡᠬᠦ ᠲᠤᠬᠠᠢ ᠠᠰᠠᠭᠤᠬᠤ ᠳ᠋ᠤ ᠬᠠᠭᠤᠴᠢᠨ ᠭᠠᠴᠠᠭᠠᠨ ᠲᠠᠷᠤᠭ᠎ᠠ Q᠄ 《 ᠵᠠᠯᠠᠭᠤᠴᠤᠤᠯ ᠬᠡᠷᠡᠯᠳᠦᠬᠦ ᠤᠴᠢᠷ ᠭᠠᠷᠤᠨ᠎ᠠ᠂ ᠵᠠᠷᠢᠮ ᠨᠢ ᠪᠠᠰᠠ ᠴᠠᠭᠳᠠᠭ᠎ᠠ ᠲᠠᠭᠤᠳᠠᠨ᠎ᠠ᠂ ᠭᠡᠳᠡᠯ᠎ᠡ ᠴᠠᠭᠳᠠᠭ᠎ᠠ ᠢᠷᠡᠪᠡᠯ ᠤᠷᠢᠳᠠᠪᠡᠷ ᠨᠠᠳᠠ ᠲᠠᠢ ᠠᠭᠤᠯᠵᠠᠨ᠎ᠠ᠃ ᠪᠢ ᠤᠴᠢᠭᠠᠳ ᠣᠯᠠᠩᠬᠢ ᠶ᠋ᠢ ᠨᠢ ᠬᠡᠯᠡᠵᠦ ᠡᠶᠡᠳᠡᠭᠦᠯᠦᠭᠡᠳ ᠴᠠᠭᠳᠠᠭ᠎ᠠ ᠶ᠋ᠢ ᠶᠠᠪᠤᠭᠤᠯᠴᠢᠬᠠᠨ᠎ᠠ②》ᠭᠡᠵᠦ ᠬᠡᠯᠡᠪᠡ᠃ ᠬᠦᠢᠰᠦᠳᠦ ᠶ᠋ᠢᠨ ᠦᠷᠲᠡᠭᠡᠨ ᠤ ᠬᠦᠮᠦᠰ ᠲᠠᠢ ᠵᠤᠭᠤᠭᠳᠠᠬᠤ ᠲᠤᠮᠳᠠ ᠲᠡᠳᠡᠨᠤᠰ ᠲᠤᠳᠤᠭᠠᠳᠤ ᠶ᠋ᠢᠨ ᠬᠡᠷᠡᠭᠦᠯ ᠵᠢᠭᠤᠷᠠᠭᠠᠨ ᠪᠤᠶᠤ ᠵᠦᠷᠢᠴᠡᠯ ᠢᠶᠡᠨ ᠨᠠᠮ᠎ᠠ ᠡᠴᠡ ᠨᠢᠭᠤᠵᠤ ᠪᠠᠶᠢᠬᠤ ᠬᠠᠨᠳᠤᠰᠢ ᠢᠯᠡᠷᠡᠬᠡᠢ ᠪᠠᠶᠢᠵᠤ ᠠᠯᠢ ᠴᠢᠳᠠᠬᠤ ᠪᠡᠷ ᠦᠪᠡᠷᠰᠡᠳ ᠤᠨ ᠪᠦᠯᠬᠦᠮᠳᠠᠯ ᠲᠠᠢ ᠭᠡᠰᠡᠨ ᠢᠶᠡᠨ ᠢᠯᠡᠭᠦᠤ ᠲᠤᠪᠤᠶᠢᠯᠭᠠᠨ ᠶᠠᠷᠢᠵᠤ ᠪᠠᠶᠢᠯ᠎ᠠ᠃ ᠡᠭᠦᠨ ᠳ᠋ᠤ ᠬᠠᠳᠤᠯᠠᠡᠭ ᠲᠡᠭᠡᠷ᠎ᠡ ᠠᠭᠤᠯᠵᠠᠭᠰᠠᠨ ᠨᠢᠭᠡ ᠠᠬᠢᠮᠠᠭ ᠨᠠᠰᠤᠨ ᠤ ᠬᠦᠮᠦᠨ ᠨᠠᠳᠠ ᠳ᠋ᠤ ᠄《 ᠮᠠᠨ ᠢ ᠵᠠᠯᠠᠭᠤ ᠪᠠᠶᠢᠬᠤ ᠳ᠋ᠤ ᠨᠠᠰᠤᠳᠠᠶᠢᠴᠤᠤᠯ ᠮᠠᠨ ᠳ᠋ᠤ ᠪᠢᠳᠡᠬᠡᠢ ᠬᠤᠭᠤᠷᠤᠨᠳᠤ ᠪᠠᠨ ᠬᠡᠷᠡᠯᠳᠦᠭᠡᠳ ᠬᠢᠳᠡᠳ ᠬᠦᠮᠦᠰ ᠤᠨ ᠲᠤᠮᠳᠠ ᠨᠢᠭᠤᠷ ᠢᠶᠡᠨ ᠪᠠᠷᠠᠴᠢᠬ᠎ᠠ ᠭᠡᠵᠦ ᠰᠤᠷᠭᠠᠳᠠᠭ ᠪᠠᠶᠢᠭᠰᠠᠨ ③》ᠭᠡᠵᠦ ᠶᠠᠷᠢᠵᠤ ᠪᠠᠶᠢᠯ᠎ᠠ᠃ ᠬᠦᠢᠰᠦᠳᠦ ᠶ᠋ᠢᠨ ᠦᠷᠲᠡᠭᠡᠨ ᠤ ᠬᠦᠮᠦᠰ ᠶᠡᠬᠡ ᠪᠦᠯᠬᠦᠮᠳᠡᠯ ᠲᠠᠢ ᠪᠠᠶᠢᠭ᠎ᠠ ᠨᠢ ᠲᠡᠳᠡᠨᠤᠰ ᠤᠨ ᠬᠠᠳᠤᠯᠠᠡᠭ ᠬᠤᠷᠢᠶᠠᠬᠤ ᠤᠴᠢᠷ ᠡᠴᠡ ᠠᠵᠢᠭᠯᠠᠭᠳᠠᠨ᠎ᠠ᠃ ᠲᠡᠳᠡᠨᠤᠰ ᠲᠤᠭᠤᠶᠢᠯᠠᠡᠭ ᠬᠤᠪᠢᠶᠠᠨ ᠬᠠᠳᠤᠯᠠᠡᠭ ᠢᠶᠡᠨ ᠬᠤᠪᠢᠶᠠᠨ ᠠᠪᠳᠠᠭ ᠡᠴᠡ ᠡᠪᠡᠰᠦ ᠪᠠᠨ ᠴᠤ ᠴᠤᠭᠭᠠᠷ ᠬᠠᠳᠤᠬᠤ ᠪᠤᠶᠤ ᠰᠢᠭᠤᠳ ᠡᠪᠡᠰᠦ ᠬᠠᠳᠤᠬᠤ ᠮᠠᠰᠢᠨ ᠲᠠᠢ ᠬᠦᠮᠦᠨ ᠨᠢ ᠪᠦᠬᠦᠨ ᠢ ᠬᠠᠳᠤᠭᠠᠳ ᠡᠪᠡᠰᠦ ᠬᠠᠳᠤᠭᠰᠠᠨ ᠬᠦᠴᠦ ᠶ᠋ᠢ ᠨᠢ ᠲᠤᠭᠤᠶᠢᠯᠠᠡᠭ ᠤᠨ ᠬᠡᠰᠢᠭᠦᠳ ᠨᠢ ᠵᠤᠭᠤᠰ ᠢᠶᠠᠷ ᠪᠤᠳᠤᠵᠤ ᠦᠭ᠍ᠬᠦ ᠪᠤᠶᠤ ᠡᠪᠡᠰᠦ ᠪᠡᠷ ᠪᠤᠳᠤᠵᠤ ᠦᠭᠳᠡᠭ᠂ ᠬᠠᠷᠢᠨ ᠡᠪᠡᠰᠦ ᠲᠡᠭᠡᠭᠡᠬᠦ ᠦᠶᠡᠰ ᠤᠯᠠᠩᠬᠢ ᠵᠠᠯᠠᠭᠤᠴᠤᠳ ᠨᠢ ᠭᠠᠳᠠᠭᠰᠢ ᠶᠠᠪᠤᠭᠰᠠᠨ ᠪᠤᠯᠬᠤᠷ ᠬᠤᠳᠠᠨ ᠳᠠᠭᠠᠨ ᠪᠠᠢᠢᠬᠤ ᠵᠠᠯᠠᠭᠤ ᠢᠳᠡᠷᠴᠤᠤᠯ ᠨᠢ ᠬᠤᠳᠠᠨ ᠳ᠋ᠠᠭᠠᠨ ᠪᠠᠶᠢᠭ᠎ᠠ ᠨᠠᠰᠤᠳᠠᠶᠢᠴᠤᠳ ᠲᠠᠢ ᠪᠠᠨ ᠬᠠᠮᠳᠤᠷᠠᠨ ᠴᠤᠭᠭᠠᠷ ᠡᠪᠡᠰᠦ ᠪᠠᠨ ᠲᠡᠭᠡᠭᠡᠳᠡᠭ᠃ ᠰᠠᠶ‍ᠢᠬᠢ ᠨᠠᠰᠤᠳᠠᠨ ᠤ ᠦᠭᠡ ᠬᠡᠳᠦᠶᠢᠪᠡᠷ ᠨᠠᠳᠠ ᠳ᠋ᠤ ᠶᠠᠷᠢᠬᠤ ᠪᠡᠷ ᠲᠠᠮᠵᠢᠨ ᠵᠠᠯᠠᠭᠤᠴᠤᠤᠯ ᠢᠶᠠᠷ ᠦᠪᠡᠷ ᠤᠨ ᠠᠵᠢᠯ ᠢᠶᠡᠨ ᠬᠠᠪᠰᠤᠷᠤᠭᠤᠯᠵᠤ ᠪᠠᠶᠢᠬᠤ ᠠᠵᠢᠯᠯᠠᠭᠠᠨ ᠳ᠋ᠠᠭᠠᠨ ᠵᠦᠢ ᠶᠤᠰᠤᠨ ᠤ ᠰᠢᠯᠳᠠᠭ ᠤᠯᠭᠤᠵᠤ ᠪᠠᠶᠢᠬᠤ ᠪᠤᠶᠤ ᠮᠦᠨ ᠵᠠᠯᠠᠭᠤᠴᠤᠳ ᠲᠠᠭᠠᠨ ᠬᠤᠶᠢᠰᠢᠳᠠ ᠪᠦᠯᠬᠦᠮᠳᠡᠬᠦ ᠬᠡᠷᠡᠭᠳᠡᠢ ᠬᠡᠳᠡᠭ ᠢ ᠲᠠᠮ ᠢᠶᠠᠷ ᠮᠡᠳᠡᠬᠦᠯᠵᠦ ᠪᠠᠶᠢᠬᠤ ᠰᠢᠨᠵᠢᠳᠡᠢ᠃
ᠭᠡᠳᠡᠯ᠎ᠡ ᠬᠦᠢᠰᠦᠳᠦ ᠶ᠋ᠢᠨ ᠦᠷᠲᠡᠭᠡᠨ ᠤ ᠬᠦᠮᠦᠰ ᠨᠢ ᠪᠦᠷᠢᠮᠦᠰᠦᠨ ᠵᠦᠷᠢᠴᠡᠯ ᠦᠭᠡᠢ ᠭᠡᠰᠡᠨ ᠪᠢᠰᠢ ᠭᠡᠳᠡᠭ ᠨᠢ ᠵᠡᠭᠦᠨ ᠬᠤᠳᠠᠨ ᠤ ᠵᠢᠷᠭᠤᠭᠠᠨ ᠠᠶᠢᠯ ᠨᠢ ᠪᠤᠡᠭᠬᠤᠨ ᠢᠶᠡᠨ ᠲᠤᠰᠠᠭᠠᠷ ᠲᠠᠬᠢᠬᠤ ᠪᠤᠯᠤᠭᠰᠠᠨ ᠤᠴᠢᠷ ᠡᠴᠡ ᠮᠡᠳᠡᠭᠳᠡᠨ᠎ᠡ᠃ ᠶᠠᠭᠠᠬᠢᠭᠠᠳ ᠲᠤᠰᠠᠭᠠᠷ ᠲᠠᠬᠢᠬᠤ ᠪᠤᠯᠤᠭᠰᠠᠨ ᠲᠤᠬᠠᠢ ᠠᠰᠠᠭᠤᠬᠤ ᠳ᠋ᠤ ᠲᠡᠳᠡᠨᠤᠰ ᠤᠨ ᠶᠠᠷᠢᠬᠤ ᠪᠡᠷ ᠵᠢᠯ ᠪᠤᠯᠭᠠᠨ ᠪᠤᠡᠭᠬᠤᠨ ᠲᠠᠬᠢᠬᠤ ᠡᠴᠡ ᠡᠮᠦᠨ᠎ᠡ ᠬᠤᠳᠠᠨ ᠡᠴᠡ ᠨᠢ ᠠᠶᠢᠯ ᠪᠤᠯᠭᠠᠨ ᠡᠴᠡ ᠲᠠᠬᠢᠯᠭ᠎ᠠ ᠶ᠋ᠢᠨ ᠪᠤᠳᠠᠰ ᠬᠤᠷᠢᠶᠠᠳᠠᠭ ᠪᠦᠭᠡᠳ ᠭᠠᠳᠠᠨ᠎ᠠ ᠭᠠᠵᠠᠷ ᠡᠴᠡ ᠢᠷᠡᠵᠦ ᠲᠠᠬᠢᠯᠭ᠎ᠠ ᠳ᠋ᠤ ᠤᠷᠤᠯᠴᠠᠳᠠᠭ ᠬᠦᠮᠦᠰ ᠴᠤ ᠶᠡᠬᠡ ᠬᠡᠮᠵᠢᠶᠡᠨ ᠤ ᠲᠠᠬᠢᠯᠭ᠎ᠠ ᠶ᠋ᠢᠨ ᠪᠤᠳᠠᠰ ᠡᠷᠭᠦᠳᠡᠭ ᠭᠡᠨ᠎ᠡ᠃ ᠪᠤᠡᠭᠬᠤᠨ ᠤ ᠲᠠᠬᠢᠯᠭ᠎ᠠ ᠶ᠋ᠢᠨ ᠲᠠᠷᠠᠭ᠎ᠠ ᠬᠤᠳᠠᠨ ᠡᠴᠡ ᠨᠢ ᠪᠤᠶᠤ ᠭᠠᠴᠠᠭᠠᠨ ᠵᠦᠪᠯᠡᠯ ᠡᠴᠡ ᠨᠢ ᠬᠤᠭᠤᠯᠠ ᠪᠤᠳᠠᠭ᠎ᠠ ᠪᠡᠯᠡᠳᠬᠡᠨ ᠲᠠᠬᠢᠯᠭ᠎ᠠ ᠳ᠋ᠤ ᠢᠷᠡᠭᠰᠡᠨ ᠬᠦᠮᠦᠰ ᠪᠤᠯᠤᠨ ᠪᠦᠬᠦ ᠬᠤᠳᠠᠨ ᠤ ᠬᠦᠮᠦᠰ ᠢᠶᠡᠨ ᠲᠠᠶᠢᠯᠠᠳᠠᠭ ᠭᠡᠨ᠎ᠡ᠃ ᠵᠠᠷᠢᠮ ᠬᠦᠮᠦᠰ ᠨᠢ ᠡᠨᠡᠬᠦ ᠤᠷᠤᠯᠭ᠎ᠠ ᠵᠠᠷᠤᠯᠭ᠎ᠠ ᠶ᠋ᠢᠨ ᠤᠴᠢᠷ ᠲᠤ ᠰᠡᠵᠢᠭ ᠲᠦᠷᠦᠭᠰᠡᠨ ᠡᠴᠡ ᠬᠡᠳᠦᠨ ᠵᠢᠯ ᠤᠨ ᠡᠮᠦᠨ᠎ᠡ ᠡᠴᠡ ᠬᠠᠮᠳᠤ ᠶ᠋ᠢᠨ ᠲᠠᠬᠢᠯᠭ᠎ᠠ ᠳ᠋ᠤ ᠲᠠᠬᠢᠯᠭ᠎ᠠ ᠶ᠋ᠢᠨ ᠪᠤᠳᠠᠰ ᠢᠶᠡᠨ ᠦᠭ᠍ᠬᠦ ᠦᠭᠡᠢ᠂ ᠬᠠᠷᠢᠨ ᠦᠷᠯᠦᠭᠡ ᠡᠷᠳᠡᠯᠡᠨ ᠦᠪᠡᠷᠰᠡᠳ ᠢᠶᠡᠨ ᠪᠤᠡᠭᠬᠤᠨ ᠢᠶᠡᠨ ᠲᠠᠬᠢᠭᠠᠳ᠂ ᠲᠠᠬᠢᠨ ᠨᠠᠢᠢᠳᠠ ᠢᠢᠨ ᠲᠠᠬᠢᠯᠭ᠎ᠠ ᠡᠴᠡ ᠪᠤᠰᠤᠳ ᠠᠵᠢᠯᠯᠠᠭ᠎ᠠ ᠳ᠋ᠤᠨᠢ ᠤᠷᠤᠯᠴᠠᠳᠠᠭ ᠭᠡᠨ᠎ᠡ᠃ ᠲᠡᠳᠡᠨᠤᠰ ᠲᠤᠰᠠᠭᠠᠷ ᠪᠤᠡᠭᠬᠤᠨ ᠢᠶᠡᠨ ᠲᠠᠬᠢᠬᠤ ᠦᠶᠡᠰ ᠪᠤᠰᠤᠳ ᠬᠦᠮᠦᠰ ᠡᠴᠡ ᠡᠷᠲᠡᠯᠡᠨ ᠲᠠᠬᠢᠵᠤ᠂ ᠵᠠᠳᠠᠷᠠᠯ ᠢᠶᠡᠨ ᠴᠢᠳᠠᠬᠤ ᠶ᠋ᠢᠨ ᠲᠤᠳᠤᠷ᠎ᠠ ᠭᠠᠳᠠᠨ᠎ᠠ ᠡᠴᠡ ᠢᠷᠡᠭᠰᠡᠨ ᠬᠦᠮᠦᠰ ᠡᠴᠡ ᠨᠢᠭᠤᠵᠤ ᠪᠠᠶᠢᠨ᠎ᠠ᠃ ᠪᠤᠰᠤᠳ ᠲᠠᠯ᠎ᠠ ᠶ᠋ᠢᠨ ᠲᠤᠳᠤᠭᠠᠳᠤ ᠶ᠋ᠢᠨ ᠵᠦᠷᠢᠴᠡᠯ ᠬᠤᠪᠢ ᠬᠦᠮᠦᠨ ᠤ ᠰᠤᠷᠪᠤᠯᠵᠢᠯᠠᠭ᠎ᠠ ᠶ᠋ᠢᠨ ᠶᠠᠪᠤᠴᠠ ᠳ᠋ᠤ ᠠᠵᠢᠭᠯᠠᠭᠳᠠᠭᠰᠠᠨ ᠴᠤ ᠬᠦᠮᠦᠨ ᠤ ᠵᠤᠭᠤᠭ ᠢ ᠢᠯᠡ ᠪᠡᠷ ᠶᠠᠷᠢᠬᠤ ᠨᠢ ᠡᠪ ᠦᠭᠡᠢ ᠮᠦᠷᠲᠡᠭᠡᠨ ᠲᠡᠳᠡᠨᠤᠰ ᠲᠤ ᠨᠠᠳᠠ ᠰᠢᠭ ᠬᠦᠢᠰᠦᠳᠦ ᠶ᠋ᠢᠨ ᠦᠷᠲᠡᠭᠡᠨ ᠤ ᠬᠡᠨ ᠨᠢᠭᠡᠨ ᠲᠠᠢ ᠨᠢ ᠰᠠᠳᠤᠨ ᠲᠦᠷᠦᠯ ᠤᠨ ᠬᠠᠷᠢᠴᠠᠭ᠎ᠠ ᠲᠠᠢ ᠪᠠᠶᠢᠵᠤ ᠮᠡᠳᠡᠬᠦ ᠪᠤᠯᠤᠮᠵᠢ ᠪᠠᠭ᠎ᠠ ᠲᠠᠢ ᠭᠠᠳᠠᠨ᠎ᠠ ᠶ᠋ᠢᠨ ᠬᠦᠮᠦᠨ ᠳ᠋ᠤ ᠶᠠᠷᠢᠬᠤ ᠨᠢ ᠵᠤᠭᠤᠭ ᠵᠠᠳᠠᠷᠠᠬᠤ ᠦᠭᠡᠢ ᠬᠡᠵᠦ ᠦᠵᠡᠭᠰᠡᠨ ᠪᠠᠶᠢᠬ᠎ᠠ ᠭᠡᠵᠦ ᠪᠢ ᠪᠤᠳᠤᠭᠰᠠᠨ ᠪᠤᠯᠬᠤᠷ ᠡᠨᠳᠡ ᠲᠡᠯᠭᠡᠨ ᠶᠠᠷᠢᠬᠤ ᠦᠭᠡᠢ᠃
ᠡᠮᠦᠨ᠎ᠡ ᠪᠦᠯᠦᠭ ᠲᠤ ᠪᠢ ᠬᠦᠢᠰᠦᠳᠦ ᠶ᠋ᠢᠨ ᠦᠷᠲᠡᠭᠡᠨ ᠤ ᠲᠡᠤᠬᠡᠨ ᠲᠡᠭᠡᠷᠡᠬᠢ ᠭᠠᠳᠠᠨᠠᠬᠢ ᠵᠦᠷᠢᠴᠡᠯ ᠪᠤᠯᠤᠨ ᠡᠳᠡᠭᠡᠷ ᠵᠦᠷᠢᠴᠡᠯ ᠳ᠋ᠤ ᠰᠠᠭᠤᠷᠢᠯᠠᠨ ᠤᠳᠤᠬᠠᠨ ᠤ ᠬᠦᠢᠰᠦᠳᠦ ᠶ᠋ᠢᠨ ᠦᠷᠲᠡᠭᠡᠨ ᠤ ᠬᠦᠮᠦᠰ ᠤᠨ ᠠᠪᠴᠤ ᠪᠠᠶᠢᠭ᠎ᠠ ᠠᠷᠭ᠎ᠠ ᠪᠤᠳᠤᠯᠭ᠎ᠠ ᠶ᠋ᠢᠨ ᠲᠠᠯ᠎ᠠ ᠡᠴᠡ ᠲᠠᠨᠢᠯᠴᠠᠭᠤᠯᠤᠭᠰᠠᠨ ᠪᠢᠯᠡ᠃ ᠲᠤᠤᠷ᠎ᠠ ᠪᠢ ᠤᠶᠢᠷ᠎ᠠ ᠶ᠋ᠢᠨ ᠬᠡᠳᠦᠨ ᠵᠢᠯ ᠳ᠋ᠤ ᠬᠦᠢᠰᠦᠳᠦ ᠶ᠋ᠢᠨ ᠦᠷᠲᠡᠭᠡᠨ ᠤ ᠬᠦᠮᠦᠰ ᠤᠨ ᠬᠢᠭ᠍ᠰᠡᠨ 《ᠵᠠᠷᠭᠤ》 ᠶ᠋ᠢ ᠲᠠᠨᠢᠯᠴᠠᠭᠤᠯᠤᠶ᠎ᠠ᠃ ᠬᠦᠢᠰᠦᠳᠦ ᠶ᠋ᠢᠨ ᠦᠷᠲᠡᠭᠡᠨ ᠤ ᠬᠦᠮᠦᠰ ᠬᠠᠰᠢᠶᠠᠯᠠᠨ ᠮᠠᠯᠵᠢᠭᠰᠠᠨ ᠨᠦᠬᠦᠪᠦᠷᠢ ᠤᠯᠤᠭᠰᠠᠨ ᠦᠭᠡᠢ ᠤᠴᠢᠷ ᠡᠴᠠ ᠬᠦᠢᠰᠦᠳᠦ ᠶ᠋ᠢᠨ ᠦᠷᠲᠡᠭᠡᠨ ᠤ ᠬᠡᠰᠡᠭ ᠮᠠᠯᠴᠢᠳ ᠳ᠋ᠠ ᠶᠢᠡᠭ ᠫᠠᠨ ᠰᠢᠶᠠᠡᠭ ᠤᠨ ᠵᠠᠰᠠᠭ ᠤᠨ ᠤᠷᠳᠤᠨ ᠢ ᠡᠷᠢᠵᠦ ᠤᠴᠢᠷ ᠢ ᠠᠰᠠᠭᠤᠭᠠᠳ ᠬᠠᠷᠢᠭᠤᠯᠳᠠ ᠤᠯᠤᠭᠰᠠᠨ ᠦᠭᠡᠢ ᠪᠤᠯᠬᠤᠷ ᠲᠡᠳᠡᠨᠤᠰ ᠱᠠᠡᠭ ᠢ ᠰᠢᠶᠠᠨ ᠤ ᠵᠠᠰᠠᠭ ᠤᠨ ᠤᠷᠳᠤᠨ ᠢ ᠡᠷᠢᠵᠡᠢ᠃ ᠰᠢᠶᠠᠨ ᠤ ᠵᠠᠰᠠᠭ ᠤᠨ ᠤᠷᠳᠤᠨ ᠨᠢ ᠮᠦᠨ ᠠᠰᠠᠭᠤᠳᠠᠯ ᠢ ᠨᠢ ᠰᠢᠢᠳᠪᠦᠷᠢᠯᠡᠵᠦ ᠦᠭ᠍ᠭᠦᠭ᠍ᠰᠡᠨ ᠦᠭᠡᠢ ᠪᠤᠯᠬᠤᠷ ᠲᠡᠳᠡᠨᠤᠰ ᠵᠠᠡᠭ ᠵᠢᠶᠠ ᠺᠸᠤ ᠬᠤᠳᠠ ᠶ᠋ᠢᠨ ᠵᠠᠰᠠᠭ ᠤᠨ ᠤᠷᠳᠤᠨ ᠳ᠋ᠤ ᠭᠤᠮᠤᠳᠠᠯ ᠲᠤᠭᠠᠴᠢᠵᠤ᠂ ᠬᠡᠷᠪᠡ ᠰᠢᠢᠳᠪᠦᠷᠢᠯᠡᠵᠦ ᠦᠭ᠍ᠭᠦ ᠦᠭᠡᠢ ᠪᠤᠯ ᠵᠠᠯᠭᠠᠭᠠᠳ ᠮᠤᠵᠢ᠂ ᠲᠡᠷᠡᠴᠢᠯᠡᠨ ᠲᠦᠪ ᠲᠤ ᠴᠤ ᠵᠠᠭᠠᠯᠳᠤᠬᠤ ᠪᠡᠷ ᠬᠦᠷᠬᠦ ᠵᠤᠷᠢᠭ ᠢᠶᠡᠨ ᠢᠯᠡᠳᠬᠡᠵᠡᠢ᠃ ᠢᠩᠬᠢᠭᠡᠳ ᠵᠠᠡᠭ ᠵᠢᠶᠠ ᠺᠸᠤ ᠬᠤᠳᠠ ᠶ᠋ᠢᠨ ᠵᠠᠰᠠᠭ ᠤᠨ ᠤᠷᠳᠤᠨ ᠡᠴᠡ ᠲᠡᠳᠡᠨᠤᠰ ᠤᠨ ᠲᠤᠰᠬᠠᠭᠰᠠᠨ ᠠᠰᠠᠭᠤᠳᠠᠯ ᠢ ᠨᠢ ᠲᠤᠷᠤᠭᠰᠢ ᠬᠠᠷᠢᠭᠤᠴᠠᠯᠭ᠎ᠠ ᠠᠰᠠᠭᠤᠨ ᠲᠤᠯᠭᠠᠭᠰᠠᠨ ᠤ ᠳ᠋ᠦᠡᠭ ᠳ᠋ᠤ ᠬᠦᠢᠰᠦᠳᠦ ᠶ᠋ᠢᠨ ᠦᠷᠲᠡᠭᠡᠨ ᠤ ᠬᠦᠮᠦᠰ ᠬᠠᠰᠢᠶᠠᠯᠠᠨ ᠮᠠᠯᠵᠢᠭᠰᠠᠨ ᠨᠦᠬᠦᠪᠦᠷᠢ ᠪᠠᠨ ᠤᠯᠤᠭᠰᠠᠨ ᠭᠡᠨ᠎ᠡ᠃ ᠡᠨᠡᠬᠦ ᠤᠴᠢᠷ ᠢ ᠲᠤᠬᠠᠢ ᠶ᠋ᠢᠨ ᠦᠶ᠎ᠡ ᠳ᠋ᠤ ᠤᠳᠤ ᠶ᠋ᠢᠨ ᠭᠠᠴᠠᠭᠠᠨ ᠲᠠᠷᠤᠭ᠎ᠠ M ᠲᠤᠯᠤᠭᠠᠶᠢᠯᠠᠨ ᠡᠷᠢᠭᠰᠡᠨ ᠭᠡᠨ᠎ᠡ᠃ ᠡᠨᠡᠬᠦ ᠤᠴᠢᠷ ᠨᠢ M ᠳ᠋ᠤ ᠤᠯᠤᠰ ᠲᠦᠷᠦ ᠶ᠋ᠢᠨ ᠡᠬᠢ ᠪᠠᠶᠠᠯᠢᠭ ᠬᠠᠡᠭᠭᠠᠵᠤ ᠲᠡᠭᠦᠨ ᠤ ᠬᠤᠵᠢᠮ  ᠤᠨ ᠭᠠᠴᠠᠭᠠᠨ ᠲᠠᠷᠤᠭ᠎ᠠ ᠪᠤᠯᠬᠤ ᠵᠢᠴᠢ ᠨᠠᠷᠠᠨ ᠡᠨ᠋ᠸᠷᠬᠢ ᠶ᠋ᠢᠨ ᠴᠠᠬᠢᠯᠭᠠᠨ ᠭᠠᠷᠭᠠᠬᠤ ᠺᠤᠮᠫᠠᠨᠢ ᠶ᠋ᠢᠨ ᠲᠦᠷᠢᠶᠡᠰᠦᠨ ᠮᠦᠩᠬᠦ ᠶ᠋ᠢ ᠬᠤᠪᠢᠶᠠᠷᠢᠯᠠᠬᠤ ᠤᠴᠢᠷ ᠲᠤ ᠦᠭᠡ ᠬᠡᠯᠡᠬᠦ ᠡᠷᠬᠡ ᠲᠠᠢ ᠪᠤᠯᠭᠠᠭᠰᠠᠨ ᠪᠠᠶᠢᠵᠤ ᠮᠡᠳᠡᠨ᠎ᠡ᠃ ᠡᠨᠡᠬᠦ ᠤᠴᠢᠷ ᠨᠢ ᠵᠠᠰᠠᠭ   ᠤᠨ ᠭᠠᠵᠠᠷ ᠪᠤᠯᠤᠨ ᠬᠦᠢᠰᠦᠳᠦ ᠶ᠋ᠢᠨ ᠦᠷᠲᠡᠭᠡᠨ ᠤ ᠬᠤᠭᠤᠷᠤᠨᠳᠤᠬᠢ ᠵᠦᠷᠢᠴᠡᠯ ᠪᠤᠯᠪᠠᠴᠤ ᠵᠠᠯᠠᠭᠤᠴᠤᠳ ᠲᠠᠭᠠᠨ ᠬᠠᠮᠳᠤ ᠶ᠋ᠢᠨ ᠬᠦᠴᠦᠨ ᠢ ᠮᠡᠳᠡᠭᠦᠯᠵᠦ᠂ ᠲᠤᠳᠤᠭᠠᠳᠤ ᠶ᠋ᠢᠨ ᠵᠦᠷᠢᠴᠡᠯ ᠢᠶᠡᠨ ᠬᠠᠮᠤᠭ ᠲᠤᠤᠷ᠎ᠠ ᠬᠡᠮᠵᠢᠶᠡᠨ ᠳ᠋ᠤ ᠬᠢᠵᠠᠭᠠᠷᠯᠠᠬᠤ ᠨᠡᠶᠢᠳᠡᠴᠢ ᠦᠵᠡᠯ ᠤᠨ ᠬᠦᠮᠦᠵᠢᠯ ᠪᠤᠯᠵᠤ ᠪᠠᠶᠢᠬᠤ ᠨᠢ ᠢᠯᠡᠭᠡᠨ᠃ ᠪᠢ ᠬᠠᠳᠤᠯᠠᠡᠭ ᠲᠡᠭᠡᠷ᠎ᠡ ᠴᠤᠭᠭᠠᠷ ᠡᠪᠡᠰᠦ ᠲᠡᠭᠡᠭᠡᠵᠦ ᠪᠠᠶᠢᠭᠰᠠᠨ ᠬᠦᠮᠦᠰ ᠡᠴᠡ ᠬᠠᠳᠤᠯᠠᠡᠭ ᠢᠶᠡᠨ ᠶᠠᠭᠤᠨ ᠳ᠋ᠤ ᠬᠤᠪᠢᠶᠠᠬᠤ ᠦᠭᠡᠢ ᠪᠤᠢ ᠭᠡᠵᠦ ᠠᠰᠠᠭᠤᠬᠤ ᠳ᠋ᠤ ᠨᠢᠭᠡ ᠢᠳᠡᠷ ᠨᠠᠰᠤᠨ ᠤ ᠡᠷᠡᠭᠳᠡᠢ ᠨᠠᠳᠠ ᠳ᠋ᠤ᠄ 《 ᠲᠠᠨ ᠤ ᠦᠪᠦᠷ ᠮᠤᠡᠭᠭᠤᠯᠴᠤᠳ ᠭᠠᠵᠠᠷ ᠢᠶᠡᠨ ᠬᠤᠪᠢᠶᠠᠭᠠᠳ ᠡᠳᠦᠷᠵᠢᠨ ᠬᠡᠷᠡᠯᠳᠦᠵᠦ ᠪᠠᠶᠢᠬᠤ ᠪᠢᠰᠢ ᠤᠣ ④》 ᠭᠡᠵᠦ ᠶᠠᠷᠢᠭᠰᠠᠨ ᠨᠢ ᠬᠡᠳᠦᠶᠢᠪᠡᠷ ᠡᠰᠡᠷᠬᠦ ᠠᠰᠠᠭᠤᠯᠳᠠ ᠪᠡᠷ ᠨᠠᠳᠠ ᠳ᠋ᠤ ᠬᠠᠷᠢᠭᠤᠯᠳᠠ ᠦᠭ᠍ᠭᠦᠭ᠍ᠰᠡᠨ ᠪᠤᠯᠪᠠᠴᠤ ᠲᠡᠭᠦᠨ ᠤ ᠵᠠᠯᠭᠠᠭᠠᠳ ᠦᠪᠦᠷ ᠮᠤᠡᠭᠭᠤᠯ ᠤᠨ ᠮᠤᠡᠭᠭᠤᠯᠴᠤᠳ ᠤᠨ ᠲᠤᠬᠠᠢ ᠮᠠᠭᠤ ᠦᠨᠡᠯᠡᠯᠳᠡ ᠲᠠᠢ ᠦᠭᠡ ᠨᠤᠭᠥᠳ ᠨᠢ ᠬᠦᠢᠰᠦᠳᠦ ᠶ᠋ᠢᠨ ᠦᠷᠲᠡᠭᠡᠨ ᠤ ᠬᠦᠮᠦᠰ ᠦᠪᠡᠷᠰᠡᠳ ᠤᠨ ᠵᠢᠱᠢᠶ᠎ᠡ ᠪᠡᠷ ᠢᠶᠡᠨ ᠵᠠᠯᠠᠭᠤᠴᠤᠳ ᠪᠠᠭᠠᠴᠤᠳ ᠪᠤᠯᠤᠨ ᠬᠤᠳᠠᠨ ᠤ ᠬᠦᠮᠦᠰ ᠲᠡᠭᠡᠨ ᠪᠦᠯᠬᠦᠮᠳᠡᠯ ᠤᠨ ᠬᠦᠴᠦᠨ ᠢ ᠮᠡᠳᠡᠬᠦᠯᠬᠦ ᠪᠡᠷ ᠪᠠᠷᠠᠬᠤ ᠦᠭᠡᠢ ᠪᠠᠰᠠ ᠪᠤᠰᠤᠳ ᠤᠨ ᠵᠢᠱᠢᠶ᠎ᠡ ᠪᠡᠷ ᠲᠠᠮᠵᠢᠨ ᠠᠳᠠᠯᠢᠬᠠᠨ ᠬᠦᠮᠦᠵᠢᠯ ᠬᠢᠵᠦ ᠪᠠᠶᠢᠬᠤ ᠶ᠋ᠢ ᠭᠡᠷᠡᠴᠢᠯᠡᠨ᠎ᠡ᠃
ᠵᠦᠷᠢᠴᠡᠯ ᠢ ᠰᠢᠢᠳᠪᠦᠷᠢᠯᠡᠬᠦ ᠳ᠋ᠤ ᠦᠪᠡᠷᠲᠡᠭᠡᠨ ᠰᠢᠢᠳᠪᠦᠷᠢᠯᠡᠬᠦ᠂ ᠬᠦᠨᠳᠡᠯᠡᠨ ᠡᠴᠡ ᠲᠠᠰᠤᠯᠤᠭᠤᠯᠬᠤ᠂ ᠰᠢᠬᠦᠬᠦ ᠬᠤᠷᠢᠶ᠎ᠠ ᠪᠡᠷ ᠲᠠᠰᠤᠯᠤᠭᠤᠯᠬᠤ ᠵᠡᠷᠭᠡ ᠭᠤᠷᠪᠠᠨ ᠬᠡᠯᠪᠡᠷᠢ ᠪᠠᠶᠢᠳᠠᠭ᠃ ᠰᠡᠭᠦᠯ ᠤᠨ ᠬᠤᠶᠠᠷ ᠨᠢ ᠭᠤᠷᠪᠠᠳᠠᠴᠢ ᠡᠳᠡᠭᠡᠳ ᠤᠨ ᠤᠷᠤᠯᠴᠠᠯᠭ᠎ᠠ ᠲᠠᠢ ᠪᠡᠷ ᠰᠢᠢᠳᠪᠦᠷᠢᠯᠡᠳᠡᠭ ᠤᠴᠢᠷ ᠡᠴᠡ ᠶᠠᠷᠢᠶᠠᠨ ᠦᠭᠡᠢ ᠵᠠᠷᠤᠳᠠᠯ ᠲᠠᠢ ᠪᠠᠶᠢᠵᠤ ᠵᠦᠷᠢᠴᠡᠯ ᠢ ᠰᠢᠢᠳᠪᠦᠷᠢᠯᠡᠭᠰᠡᠨ ᠦᠷ᠎ᠡ ᠳ᠋ᠦᠡᠭ ᠨᠢ ᠵᠦᠷᠢᠴᠡᠯ ᠲᠠᠢ ᠪᠠᠶᠢᠭ᠎ᠠ ᠬᠤᠶᠠᠷ ᠲᠠᠯ᠎ᠠ ᠶ᠋ᠢᠨ ᠬᠦᠰᠡᠯ ᠢ ᠵᠡᠷᠭᠡᠪᠡᠷ ᠬᠠᠡᠭᠭᠠᠵᠤ ᠴᠢᠳᠠᠳᠠᠭ ᠦᠭᠡᠢ᠂ ᠰᠢᠢᠳᠪᠦᠷᠢᠯᠡᠭᠰᠡᠨ ᠰᠢᠢᠳᠪᠦᠷᠢ ᠶ᠋ᠢ ᠬᠡᠷᠡᠭᠵᠢᠬᠦᠯᠬᠦ ᠵᠢᠴᠢ ᠬᠤᠵᠢᠮ ᠤᠨ ᠡᠨᠡᠬᠦ ᠰᠢᠢᠳᠪᠦᠷᠢ ᠳ᠋ᠤ ᠰᠠᠭᠤᠷᠢᠯᠠᠭᠰᠠᠨ ᠲᠦᠷᠢᠮ ᠲᠤᠭᠳᠠᠭᠠᠯ ᠢ ᠰᠠᠬᠢᠬᠤ ᠶᠠᠪᠤᠴᠠ ᠳ᠋ᠤ ᠬᠢᠨᠠᠯᠳᠠ ᠲᠠᠯᠪᠢᠬᠤ ᠴᠢᠬᠤᠯᠠᠳᠠᠢ ᠡᠴᠡ ᠮᠦᠨ ᠵᠠᠷᠤᠳᠠᠯ ᠡᠭᠦᠰᠳᠡᠭ᠃ ᠭᠡᠳᠡᠯ᠎ᠡ ᠵᠦᠷᠢᠴᠡᠯ ᠢ ᠦᠪᠡᠷᠲᠡᠭᠡᠨ ᠰᠢᠢᠳᠪᠦᠷᠢᠯᠡᠬᠦ ᠨᠢ ᠬᠤᠶᠠᠷ ᠲᠠᠯ᠎ᠠ ᠶ᠋ᠢᠨ ᠬᠦᠮᠦᠰ ᠤᠨ ᠬᠠᠮᠳᠤ ᠶ᠋ᠢᠨ ᠲᠠᠨᠢᠯᠳᠠ ᠳ᠋ᠤ ᠰᠠᠭᠤᠷᠢᠯᠠᠭᠰᠠᠨ ᠪᠤᠯᠬᠤᠷ ᠵᠠᠷᠤᠳᠠᠯ ᠢ ᠠᠷᠪᠢᠯᠠᠵᠤ ᠴᠢᠳᠠᠬᠤ ᠪᠦᠭᠡᠳ ᠰᠢᠢᠳᠪᠦᠷᠢ ᠨᠢ ᠬᠡᠷᠡᠭᠵᠢᠭᠦᠯᠦᠭᠳᠡᠬᠦ ᠵᠢᠴᠢ ᠬᠤᠵᠢᠮ ᠤᠨ ᠬᠠᠮᠳᠤ ᠶ᠋ᠢᠨ ᠲᠤᠭᠳᠠᠭᠠᠯ ᠢ ᠰᠠᠬᠢᠬᠤ ᠳ᠋ᠤ ᠬᠢᠨᠠᠯᠳᠠ ᠲᠠᠯᠪᠢᠬᠤ ᠵᠠᠷᠤᠳᠠᠯ ᠢ ᠨᠢ ᠠᠷᠪᠢᠯᠠᠵᠤ ᠴᠢᠳᠠᠨ᠎ᠠ᠃ ᠤᠴᠢᠷ ᠨᠢ ᠬᠠᠮᠳᠤ ᠶ᠋ᠢᠨ ᠰᠢᠢᠳᠪᠦᠷᠢ ᠨᠢ ᠵᠦᠷᠢᠴᠡᠯ ᠤᠨ ᠲᠤᠬᠠᠢ ᠶ᠋ᠢᠨ ᠡᠳᠡᠭᠡᠳ ᠤᠨ ᠦᠪᠡᠷᠳᠡᠭᠡᠨ ᠬᠦᠯᠢᠶᠡᠨ ᠵᠦᠪᠰᠢᠶᠡᠷᠡᠭᠰᠡᠨ ᠰᠤᠡᠭᠭᠤᠯᠳᠠ ᠪᠤᠯᠬᠤᠷ ᠡᠪᠳᠡᠭᠳᠡᠬᠦ ᠪᠤᠯᠤᠮᠵᠢ ᠨᠢ ᠴᠤ ᠪᠠᠭ᠎ᠠ ᠪᠠᠶᠢᠳᠠᠭ᠃ ᠵᠦᠷᠢᠴᠡᠯ ᠢ ᠦᠪᠡᠷᠲᠡᠭᠡᠨ ᠰᠢᠢᠳᠪᠦᠷᠢᠯᠡᠵᠦ ᠪᠠᠶᠢᠬᠤ ᠨᠢ ᠵᠦᠷᠢᠴᠡᠯ ᠤᠨ ᠲᠤᠬᠠᠢ ᠶ᠋ᠢᠨ ᠡᠳᠡᠭᠡᠳ ᠨᠤᠭᠥᠳ ᠪᠦᠷ ᠨᠦᠭᠦᠭᠡ ᠡᠳᠡᠭᠡᠳ ᠲᠡᠭᠡᠨ ᠵᠤᠬᠢᠬᠤ ᠨᠠᠶᠢᠷ ᠲᠠᠯᠪᠢᠭᠰᠠᠨ ᠰᠠᠭᠤᠷᠢᠨ ᠲᠡᠭᠡᠷ᠎ᠡ ᠪᠤᠢ ᠪᠤᠯᠤᠭᠰᠠᠨ ᠪᠤᠯᠬᠤᠷ ᠨᠢᠭᠡ ᠵᠦᠢᠯ ᠤᠨ ᠬᠠᠷᠢᠯᠴᠠᠨ ᠬᠠᠷᠠᠭᠠᠯᠵᠠᠭᠰᠠᠨ ᠰᠢᠨᠵᠢ ᠲᠠᠢ᠃
ᠬᠦᠢᠰᠦᠳᠦ ᠶ᠋ᠢᠨ ᠦᠷᠲᠡᠭᠡᠨ ᠤ ᠬᠦᠮᠦᠰ ᠬᠡᠳᠦᠶᠢᠪᠡᠷ ᠪᠤᠡᠭᠬᠤᠨ ᠤ ᠲᠠᠬᠢᠯᠭ᠎ᠠ ᠶ᠋ᠢᠨ ᠤᠴᠢᠷ ᠲᠤ ᠬᠠᠭᠠᠷᠠᠯ ᠭᠠᠷᠤᠭᠰᠠᠨ ᠪᠤᠯᠪᠠᠴᠤ ᠲᠡᠳᠡ ᠵᠦᠷᠢᠴᠡᠯ ᠢᠶᠡᠨ ᠭᠠᠳᠠᠨ᠎ᠠ ᠭᠠᠵᠠᠷ ᠨᠡᠭᠦᠵᠦ ᠶᠠᠪᠤᠭᠰᠠᠨ ᠬᠦᠮᠦᠰ ᠲᠡᠭᠡᠨ ᠢᠯᠡ ᠪᠤᠯᠭᠠᠭᠰᠠᠨ ᠦᠭᠡᠢ᠂ ᠬᠠᠷᠢᠨ ᠲᠤᠳᠤᠭᠠᠳᠤ ᠳ᠋ᠠᠭᠠᠨ ᠨᠢᠭᠤᠴᠠ ᠪᠠᠶᠢᠳᠠᠯ ᠲᠠᠢ ᠪᠠᠶᠢᠯᠭᠠᠬᠤ ᠶ᠋ᠢ ᠪᠠᠳᠤᠯᠠᠵᠤ ᠲᠤᠰᠠᠭᠠᠷ ᠲᠠᠬᠢᠳᠠᠭ ᠬᠦᠮᠦᠰ ᠨᠢ ᠴᠤ ᠬᠠᠮᠳᠤ ᠶ᠋ᠢᠨ ᠲᠠᠬᠢᠯᠭ᠎ᠠ ᠶ᠋ᠢᠨ ᠬᠠᠮᠢᠶ᠎ᠠ ᠪᠦᠬᠦᠢ ᠬᠦᠳᠡᠯᠭᠡᠭᠡᠨ ᠳ᠋ᠤ ᠤᠷᠤᠯᠴᠠᠳᠠᠭ ᠡᠴᠡ ᠲᠡᠳᠡ ᠡᠨᠡᠭᠦ ᠵᠦᠷᠢᠴᠡᠯ ᠢᠶᠡᠨ ᠦᠪᠡᠷᠲᠡᠭᠡᠨ ᠰᠢᠢᠳᠪᠦᠷᠢᠯᠡᠭᠰᠡᠨ ᠰᠢᠨᠵᠢ ᠲᠠᠢ ᠪᠠᠶᠢᠵᠤ᠂ ᠲᠠᠬᠢᠯᠭ᠎ᠠ ᠳ᠋ᠤ ᠤᠷᠤᠯᠴᠠᠳᠠᠭ ᠪᠦᠬᠦ ᠬᠦᠮᠦᠰ ᠢᠶᠠᠷ ᠡᠨᠡᠬᠦ ᠵᠦᠷᠢᠴᠡᠯ ᠳ᠋ᠤ ᠦᠨᠡᠯᠡᠯᠳᠡ ᠬᠢᠯᠭᠡᠵᠦ᠂ ᠰᠢᠨ᠎ᠡ ᠪᠤᠡᠭᠬᠤᠨ ᠲᠠᠬᠢᠯᠭ᠎ᠠ ᠶ᠋ᠢᠨ ᠲᠦᠷᠢᠮ ᠲᠤᠭᠳᠠᠭᠠᠯ ᠭᠠᠷᠭᠠᠭᠰᠠᠨ ᠦᠭᠡᠢ᠂ ᠬᠠᠷᠢᠨ ᠬᠠᠮᠳᠤ ᠶ᠋ᠢᠨ ᠦᠢᠯᠡ ᠠᠵᠢᠯᠯᠠᠭ᠎ᠠ ᠪᠡᠷ ᠢᠶᠡᠨ ᠲᠠᠮᠵᠢᠨ ᠤᠤᠯ  ‍ᠤᠨ ᠲᠠᠬᠢᠯᠭ᠎ᠠ ᠶ᠋ᠢᠨ ᠠᠵᠢᠯᠯᠠᠭ᠎ᠠ ᠶ᠋ᠢᠨ ᠬᠦᠴᠦᠨ ᠢ ᠪᠠᠳᠤᠯᠠᠵᠤ᠂ ᠪᠤᠡᠭᠬᠤᠨ ᠢᠶᠠᠷ ᠲᠠᠮᠵᠢᠨ ᠢᠯᠡᠷᠡᠭᠰᠡᠨ《 ᠬᠦᠢᠰᠦᠳᠦ ᠶ᠋ᠢᠨ ᠦᠷᠲᠡᠭᠡᠨ ᠤ ᠬᠦᠮᠦᠰ 》 ᠭᠡᠬᠦ ᠡᠷᠭᠡ ᠰᠦᠷ ᠢ ᠬᠠᠮᠠᠭᠠᠯᠠᠵᠠᠢ᠃ ᠪᠤᠡᠭᠬᠤᠨ ᠤ ᠲᠠᠬᠢᠯᠭ᠎ᠠ ᠨᠢ ᠤᠳᠤ ᠦᠷᠲᠡᠭᠡᠨ ᠳ᠋ᠤ ᠠᠮᠢᠳᠤᠷᠠᠵᠤ ᠪᠠᠶᠢᠭ᠎ᠠ ᠬᠦᠮᠦᠰ᠂ ᠤᠤᠯ ᠨᠢ ᠦᠷᠲᠡᠭᠡᠨ ᠳ᠋ᠤ ᠠᠮᠢᠳᠤᠷᠠᠵᠤ ᠪᠠᠶᠢᠭᠰᠠᠨ ᠬᠦᠮᠦᠰ ᠤᠨ ᠦᠷ᠎ᠡ ᠬᠤᠶᠢᠴᠢᠰ ᠤᠨ ᠬᠢᠨᠢ ᠵᠠᠪᠠᠯ ᠤᠷᠤᠯᠴᠠᠬᠤ ᠶᠤᠰᠤᠳᠠᠢ ᠬᠠᠮᠳᠤ ᠶ᠋ᠢᠨ ᠬᠦᠳᠡᠯᠭᠡᠭᠡᠨ ᠪᠤᠯᠤᠭᠰᠠᠨ ᠤ ᠬᠤᠪᠢ ᠳ᠋ᠤ ᠬᠦᠮᠦᠰ ᠲᠤ ᠦᠷᠲᠡᠭᠡᠨ ᠤ ᠬᠦᠮᠦᠰ ᠬᠡᠳᠡᠭ ᠢ ᠨᠢ ᠰᠠᠨᠠᠭᠤᠯᠵᠤ᠂ ᠡᠭᠦᠨ ᠤ ᠤᠯᠠᠮ ᠡᠴᠡ 《 ᠬᠦᠢᠰᠦᠳᠦ ᠶ᠋ᠢᠨ ᠦᠷᠲᠡᠭᠡᠨ ᠤ ᠬᠦᠮᠦᠰ ᠤᠨ ᠨᠡᠷ᠎ᠡ ᠨᠢᠭᠤᠷ》ᠭᠡᠬᠦ ᠡᠷᠬᠡ ᠰᠦᠷ ᠢ ᠪᠤᠢ ᠪᠤᠯᠭᠠᠵᠠᠢ᠃
ᠬᠦᠢᠰᠦᠳᠦ ᠶ᠋ᠢᠨ ᠦᠷᠲᠡᠭᠡ ᠨᠢ ᠲᠠᠰᠤᠷᠠᠯ ᠦᠭᠡᠢ ᠭᠠᠳᠠᠭᠠᠳᠤ ᠪᠦᠯᠬᠦᠮ ᠲᠠᠢ ᠵᠦᠷᠢᠴᠡᠯ ᠡᠭᠦᠰᠴᠤ᠂ ᠵᠦᠷᠢᠴᠡᠯ ᠢᠶᠡᠨ ᠰᠢᠢᠳᠪᠦᠷᠢᠯᠡᠬᠦ ᠶᠠᠪᠤᠴᠠ ᠨᠢ ᠲᠡᠳᠡᠨᠤᠰ ᠤᠨ ᠪᠦᠯᠬᠦᠮᠳᠡᠯ ᠢ ᠴᠢᠡᠭᠭᠠᠳᠬᠠᠵᠤ᠂《 ᠦᠷᠲᠡᠭᠡᠨ ᠤ ᠬᠦᠮᠦᠰ》 ᠭᠡᠬᠦ ᠠᠳᠠᠯᠢᠰᠢᠯ ᠢ ᠨᠢ ᠴᠢᠡᠭᠭᠠᠷᠠᠭᠤᠯᠵᠤ᠂ ᠡᠨᠡᠬᠦ ᠠᠳᠠᠯᠢᠰᠢᠯ ᠨᠢ ᠮᠦᠨ ᠲᠡᠳᠡᠨᠤᠰ ᠤᠨ ᠵᠤᠩᠬᠢᠯᠠᠬᠤ ᠤᠯᠠᠨ ᠲᠤᠭ᠎ᠠ ᠶ᠋ᠢ ᠡᠵᠡᠯᠡᠬᠦ ᠬᠦᠮᠦᠰ ᠤᠨ ᠬᠢᠨᠢ ᠬᠠᠮᠳᠤ ᠶ᠋ᠢᠨ ᠮᠠᠯᠵᠢᠬᠤ ᠰᠤᠶᠤᠯ  ᠢᠢᠨᠷ ᠨᠡᠶᠢᠭᠡᠮ ᠤᠨ ᠰᠠᠭᠤᠷᠢ ᠪᠤᠯᠭᠠᠭᠰᠠᠨ ᠪᠤᠯᠬᠤᠷ ᠬᠠᠮᠳᠤ ᠶ᠋ᠢᠨ ᠶᠠᠪᠤᠯᠴᠠᠭ᠎ᠠ ᠤᠶᠢᠯᠠᠭᠠᠯᠴᠠᠭ᠎ᠠ ᠳ᠋ᠤᠨᠢ ᠲᠦᠭᠦᠮ ᠦᠵᠡᠭᠦᠯᠵᠦ᠂ ᠲᠤᠳᠤᠭᠠᠳᠤ ᠶ᠋ᠢᠨ ᠵᠦᠷᠢᠴᠡᠯ ᠢᠶᠡᠨ ᠲᠤᠳᠤᠷ᠎ᠠ ᠪᠠᠨ ᠰᠢᠢᠳᠪᠦᠷᠢᠯᠡᠬᠦ ᠶ᠋ᠢ ᠠᠬᠢᠭᠤᠯᠵᠠᠢ᠃ ᠶᠠᠭ ᠡᠶᠢᠮᠦᠷᠬᠦ 《ᠬᠦᠢᠰᠦᠳᠦ ᠶ᠋ᠢᠨ ᠦᠷᠲᠡᠭᠡᠨ ᠤ ᠬᠦᠮᠦᠰ ᠤᠨ ᠨᠡᠷ᠎ᠡ ᠨᠢᠭᠤᠷ》 ᠭᠡᠬᠦ ᠤᠶᠤᠨ ᠰᠠᠨᠠᠭᠠᠨ ᠤ ᠲᠠᠷᠤᠮᠳᠠ ᠲᠤᠤᠷ᠎ᠠ ᠲᠡᠳᠡᠨᠤᠰ ᠤᠨ ᠵᠠᠡᠭᠰᠢᠯ ᠤᠨ ᠬᠠᠤᠯᠢ ᠳ᠋ᠤ 《 ᠬᠠᠤᠯᠢ ᠴᠠᠭᠠᠵᠠ ᠶ᠋ᠢᠨ ᠲᠦᠭᠡᠮᠡᠯ ᠬᠦᠴᠦᠨ᠂ ᠠᠯᠪᠠᠳᠠᠯᠭ᠎ᠠ ᠶ᠋ᠢᠨ ᠬᠦᠴᠦᠨ》 ᠤ ᠰᠢᠨᠵᠢ ᠴᠢᠨᠠᠷ ᠢ ᠤᠯᠭᠤᠵᠠᠢ᠃ ᠶᠠᠷᠢᠶᠠᠨ ᠦᠭᠡᠢ ᠬᠦᠢᠰᠦᠳᠦ ᠶ᠋ᠢᠨ ᠦᠷᠲᠡᠭᠡᠨ ᠤ ᠬᠦᠮᠦᠰ ᠤᠨ ᠵᠠᠡᠭᠰᠢᠯ ᠤᠨ ᠬᠠᠤᠯᠢ ᠶ᠋ᠢᠨ ᠬᠦᠴᠦᠨ ᠢ ᠮᠡᠳᠡᠷᠡᠵᠦ ᠪᠠᠶᠢᠬᠤ ᠠᠷᠭ᠎ᠠ ᠵᠠᠮ ᠤᠨ ᠠᠳᠠᠯᠢ ᠪᠤᠰᠤ ᠶ᠋ᠢ ᠦᠨᠳᠦᠰᠦᠯᠡᠨ ᠲᠡᠳᠡᠨᠤᠰ ᠤᠨ ᠠᠳᠠᠯᠢᠰᠢᠯ ᠢ ᠰᠠᠶᠢᠨ ᠲᠤᠷ᠎ᠠ ᠡᠴᠡ ᠪᠠᠨ ᠠᠳᠠᠯᠢᠰᠢᠬᠰᠠᠨ ᠪᠤᠯᠤᠨ ᠠᠯᠪᠠ ᠪᠡᠷ ᠠᠳᠠᠯᠢᠰᠢᠬᠰᠠᠨ ᠭᠡᠵᠦ ᠬᠤᠪᠢᠶᠠᠵᠤ ᠪᠤᠯᠤᠨ᠎ᠠ᠃ ᠭᠡᠳᠡᠯ᠎ᠡ ᠠᠯᠢ ᠴᠤ ᠠᠳᠠᠯᠢᠰᠢᠯ ᠨᠢ ᠬᠠᠮᠢᠶ᠎ᠠ ᠦᠭᠡᠢ᠂ ᠬᠠᠮᠳᠤ ᠶ᠋ᠢᠨ ᠠᠰᠢᠭ ᠲᠤᠰᠠ ᠳ᠋ᠤ ᠰᠠᠭᠤᠷᠢᠯᠠᠭᠰᠠᠨ 《 ᠬᠦᠢᠰᠦᠳᠦ ᠶ᠋ᠢᠨ ᠦᠷᠲᠡᠭᠡᠨ ᠤ ᠬᠦᠮᠦᠰ ᠤᠨ ᠨᠡᠷ᠎ᠡ ᠨᠢᠭᠤᠷ》 ᠭᠡᠬᠦ ᠡᠷᠬᠡ ᠰᠦᠷ ᠦᠢᠯᠡᠳᠦᠯ ᠭᠠᠷᠭᠠᠵᠤ ᠲᠡᠳᠡᠨᠤᠰ ᠤᠨ ᠵᠠᠡᠭᠰᠢᠯ ᠤᠨ ᠬᠠᠤᠯᠢ ᠳ᠋ᠤ ᠬᠠᠤᠯᠢ ᠴᠠᠭᠠᠵᠠ ᠶ᠋ᠢᠨ ᠬᠦᠴᠦ ᠤᠯᠭᠤᠵᠠᠢ᠃ ᠬᠦᠢᠰᠦᠳᠦ ᠶ᠋ᠢᠨ ᠦᠷᠲᠡᠭᠡᠨ ᠳ᠋ᠤ ᠬᠡᠳᠦᠶᠢᠪᠡᠷ ᠴᠦᠬᠡᠨ ᠲᠤᠭ᠎ᠠ ᠶ᠋ᠢ ᠡᠵᠡᠯᠡᠬᠦ ᠬᠢᠳᠡᠳ ᠬᠦᠮᠦᠰ ᠪᠠᠶᠢᠳᠠᠭ ᠪᠤᠯᠪᠠᠴᠤ ᠬᠦᠢᠰᠦᠳᠦ ᠶ᠋ᠢᠨ ᠦᠷᠲᠡᠭᠡᠨ ᠤ ᠮᠤᠡᠭᠭᠤᠯᠴᠤᠳ ᠠᠵᠤ ᠠᠬᠤᠢ ᠶ᠋ᠢᠨ ᠬᠤᠪᠢ ᠳ᠋ᠤ ᠲᠡᠳᠡᠨᠤᠰ ᠲᠤ ᠠᠳᠠᠯᠢᠬᠠᠨ ᠬᠠᠨᠳᠤᠳᠠᠭ ᠡᠴᠡ ᠲᠡᠳᠡᠨᠤᠰ ᠤᠨ ᠲᠤᠮᠳᠠ ᠵᠠᠳᠠᠷᠠᠯ ᠪᠤᠶᠤ ᠵᠠᠡᠭᠰᠢᠯ ᠤᠨ ᠬᠠᠤᠯᠢ ᠶ᠋ᠢ ᠵᠦᠷᠢᠴᠡᠬᠦ ᠶᠠᠪᠤᠳᠠᠯ ᠭᠠᠷᠬᠤ ᠪᠤᠯᠤᠮᠵᠢ ᠪᠠᠭ᠎ᠠ ᠪᠠᠶᠢᠵᠤ᠂ ᠵᠠᠡᠭᠰᠢᠯ ᠤᠨ ᠬᠠᠤᠯᠢ ᠶ᠋ᠢᠨ ᠬᠦᠴᠦᠨ ᠢ ᠪᠠᠳᠤᠯᠠᠵᠠᠢ᠃ ᠬᠦᠢᠰᠦᠳᠦ ᠶ᠋ᠢᠨ ᠦᠷᠲᠡᠭᠡᠨ ᠤ ᠬᠦᠮᠦᠰ ᠤᠨ ᠪᠤᠰᠤᠳ ᠲᠤᠰᠬᠤᠨ ᠯᠤᠭ᠎ᠠ ᠶ᠋ᠢᠨ ᠵᠦᠷᠢᠴᠡᠯ ᠢᠶᠡᠨ ᠰᠢᠢᠳᠪᠦᠷᠢᠯᠡᠬᠦ ᠶᠠᠪᠤᠴᠠ ᠨᠢ ᠲᠡᠳᠡᠨᠤᠰ ᠤᠨ ᠲᠤᠳᠤᠭᠠᠳᠤ ᠶ᠋ᠢᠨ ᠶᠠᠪᠤᠯᠴᠠᠭ᠎ᠠ ᠶ᠋ᠢ ᠬᠦᠨᠵᠡᠭᠡᠶᠢᠷᠡᠭᠦᠯᠵᠦ 《 ᠦᠷᠲᠡᠭᠡᠨ ᠤ ᠬᠦᠮᠦᠰ》 ᠭᠡᠬᠦ ᠠᠳᠠᠯᠢᠰᠢᠯ  ᠢ ᠪᠤᠢ ᠪᠤᠯᠭᠠᠵᠠᠢ᠃ ᠶᠠᠭ ᠡᠶᠢᠮᠦᠷᠬᠦ ᠪᠤᠡᠭᠬᠤᠨ ᠤ ᠲᠠᠬᠢᠯᠭ᠎ᠠ᠂ ᠰᠠᠷ᠎ᠠ ᠰᠢᠨ᠎ᠡ ᠶ᠋ᠢᠨ ᠭᠤᠷᠪᠠᠨ ᠵᠤᠯᠭᠠᠯᠳᠠ᠂ ᠬᠦᠳᠡᠯᠮᠦᠷᠢ ᠶ᠋ᠢᠨ ᠬᠠᠮᠵᠢᠯᠴᠠᠭ᠎ᠠ᠂ ᠡᠬᠢ ᠪᠠᠶᠠᠯᠢᠭ ᠤᠨ ᠵᠤᠬᠢᠰᠳᠠᠢ ᠬᠤᠪᠢᠶᠠᠷᠢᠯᠠᠯᠳᠠ᠂ ᠪᠦᠯᠬᠦᠮ ᠤᠨ ᠭᠠᠳᠠᠨᠠᠬᠢ ᠵᠢᠭᠤᠷᠠᠭᠠᠨ ᠳ᠋ᠤ ᠰᠠᠭᠤᠷᠢᠯᠠᠭᠰᠠᠨ ᠠᠳᠠᠯᠢᠰᠢᠯ ᠨᠢ ᠬᠦᠢᠰᠦᠳᠦ ᠶ᠋ᠢᠨ ᠦᠷᠲᠡᠭᠡᠨ ᠤ ᠵᠠᠡᠭᠰᠢᠯ ᠤᠨ ᠬᠠᠤᠯᠢ ᠳ᠋ᠤ ᠪᠦᠯᠬᠦᠮ ᠴᠤᠭᠴᠠ ᠶ᠋ᠢᠨ ᠲᠤᠳᠤᠭᠠᠳᠤ ᠶ᠋ᠢᠨ ᠠᠯᠪᠠᠳᠠᠯᠭ᠎ᠠ ᠶ᠋ᠢᠨ ᠬᠦᠴᠦᠨ ᠢ ᠤᠯᠭᠤᠵᠠᠢ᠃
ᠬᠦᠢᠰᠦᠳᠦ ᠶ᠋ᠢᠨ ᠦᠷᠲᠡᠭᠡᠨ ᠤ ᠵᠠᠡᠭᠰᠢᠯ ᠤᠨ ᠬᠠᠤᠯᠢ ᠨᠢ ᠠᠷᠠᠳ ᠤᠨ ᠲᠤᠮᠳᠠ ᠠᠶᠠᠨᠳᠠᠭᠠᠨ ᠪᠤᠢ ᠪᠤᠯᠤᠭᠰᠠᠨ ᠬᠠᠮᠳᠤ ᠶ᠋ᠢᠨ ᠠᠵᠢᠯᠯᠠᠭᠠᠨ ᠤ ᠲᠦᠷᠢᠮᠵᠢᠯ ᠪᠤᠯᠤᠭᠰᠠᠨ ᠤ ᠬᠤᠪᠢ ᠳᠤ ᠶᠠᠮᠠᠷ ᠴᠤ ᠪᠤᠳᠠᠰ ᠲᠤ ᠭᠡᠷᠡᠯ ᠰᠡᠭᠦᠳᠡᠷ ᠬᠤᠶᠠᠷ ᠲᠠᠢ ᠪᠠᠶᠢᠳᠠᠭ ᠤᠨ ᠶᠤᠰᠤ ᠪᠡᠷ ᠦᠪᠡᠷ ᠤᠨ ᠲᠠᠪᠠᠭᠤ ᠲᠠᠯ᠎ᠠ ᠪᠤᠯᠤᠨ ᠲᠤᠳᠠᠭᠳᠠᠯ ᠲᠠᠢ ᠲᠠᠯ᠎ᠠ ᠵᠡᠷᠭᠡᠪᠡᠷ ᠪᠠᠶᠢᠬᠤ ᠨᠢ ᠲᠠᠮᠵᠢᠭ ᠦᠭᠡᠢ᠃


ᠭᠣᠷᠪᠠᠳᠤᠭᠠᠷ ᠬᠡᠰᠡᠭ   ᠬᠦᠢᠰᠦᠳᠦ  ᠶ᠋ᠢᠨ   ᠦᠷᠲᠡᠭᠡᠨ  ᠤ

ᠵᠠᠡᠭᠰᠢᠯ ᠤᠨ ᠬᠠᠤᠯᠢ ᠶ᠋ᠢᠨ ᠦᠢᠯᠡᠳᠦᠯ

         

ᠬᠦᠢᠰᠦᠳᠦ ᠶ᠋ᠢᠨ ᠦᠷᠲᠡᠭᠡᠨ ᠤ ᠵᠠᠡᠭᠰᠢᠯ ᠤᠨ ᠬᠠᠤᠯᠢ ᠨᠢ ᠮᠤᠡᠭᠭᠤᠯᠴᠤᠳ ᠤᠨ ᠵᠠᠡᠭᠰᠢᠯ ᠤᠨ ᠬᠠᠤᠯᠢ ᠶ᠋ᠢᠨ ᠨᠢᠭᠡᠨ ᠬᠡᠰᠡᠭ ᠪᠤᠯᠤᠭᠰᠠᠨ ᠤ ᠬᠤᠪᠢ ᠳ᠋ᠤ ᠮᠤᠡᠭᠭᠤᠯᠴᠤᠳ ᠤᠨ ᠵᠠᠡᠭᠰᠢᠯ ᠤᠨ ᠬᠠᠤᠯᠢ ᠲᠠᠢ ᠠᠳᠠᠯᠢᠪᠳᠤᠷ ᠰᠢᠨᠵᠢ ᠲᠠᠢ ᠪᠠᠶᠢᠬᠤ ᠨᠢ ᠲᠠᠮᠵᠢᠭ ᠦᠭᠡᠢ᠃ ᠮᠤᠡᠭᠭᠤᠯᠴᠤᠳ ᠤᠨ ᠵᠠᠡᠭᠰᠢᠯ ᠤᠨ ᠬᠠᠤᠯᠢ ᠶ᠋ᠢᠨ ᠲᠤᠬᠠᠢ ᠡᠷᠳᠡᠨᠢ ᠲᠡᠭᠦᠨ ᠤ 《 ᠮᠤᠡᠭᠭᠤᠯᠴᠤᠳ ᠤᠨ ᠵᠠᠡᠭᠰᠢᠯ ᠤᠨ ᠬᠠᠤᠯᠢ ᠳ᠋ᠤ ᠬᠠᠤᠯᠢ ᠵᠦᠢ ᠶ᠋ᠢᠨ ᠵᠠᠳᠠᠯᠤᠯᠳᠠ ᠬᠢᠬᠦ ᠨᠢ 》 ᠭᠡᠬᠦ ᠦᠭᠦᠯᠡᠯ ᠳ᠋ᠡᠭᠡᠨ 《 ᠮᠤᠡᠭᠭᠤᠯᠴᠤᠳ ᠤᠨ ᠵᠠᠡᠭᠰᠢᠯ ᠤᠨ ᠬᠠᠤᠯᠢ ᠨᠢ ᠬᠢᠵᠠᠭᠠᠷᠯᠠᠬᠤ᠂ ᠤᠯᠠᠮᠵᠢᠯᠠᠬᠤ᠂ ᠪᠠᠳᠤᠯᠠᠬᠤ ᠭᠤᠷᠪᠠᠨ ᠲᠠᠯ᠎ᠠ ᠶ᠋ᠢᠨ ᠦᠢᠯᠡᠳᠦᠯ ᠲᠠᠢ 〔6〕》 ᠭᠡᠵᠦ ᠦᠵᠡᠵᠡᠢ᠃ ᠭᠦᠸᠸ ᠰᠢᠶᠤᠤ ᠬᠠᠨ ᠲᠡᠭᠦᠨ ᠤ 《 ᠦᠨᠳᠦᠰᠦᠳᠡᠨ ᠤ ᠤᠷᠤᠨ ᠤ ᠬᠠᠤᠯᠢ ᠴᠠᠭᠠᠵᠠ ᠶ᠋ᠢᠨ ᠪᠦᠲᠦᠭᠡᠨ ᠪᠠᠶᠢᠭᠤᠯᠤᠯᠳᠠ  ᠳ᠋ᠡᠬᠢ ᠮᠤᠡᠭᠭᠤᠯᠴᠤᠳ ᠤᠨ ᠵᠠᠡᠭᠰᠢᠯ ᠤᠨ ᠬᠠᠤᠯᠢ ᠶ᠋ᠢᠨ ᠨᠦᠯᠦᠭᠡ》ᠭᠡᠬᠦ ᠦᠭᠦᠯᠡᠯ ᠳ᠋ᠡᠭᠡᠨ 《ᠮᠤᠡᠭᠭᠤᠯᠴᠤᠳ ᠤᠨ ᠵᠠᠡᠭᠰᠢᠯ ᠤᠨ ᠬᠠᠤᠯᠢ ᠨᠢ ᠨᠡᠶᠢᠭᠡᠮ ᠤᠨ ᠡᠮᠬᠢ ᠵᠢᠷᠦᠮ ᠢ ᠬᠠᠮᠠᠭᠠᠯᠠᠬᠤ᠂ ᠠᠮᠢ ᠠᠬᠤᠢ ᠶ᠋ᠢᠨ ᠲᠤᠭᠳᠠᠭᠤᠨ ᠢ ᠠᠬᠢᠭᠤᠯᠬᠤ᠂ ᠢᠳᠡᠭᠡᠯ ᠢ ᠪᠠᠳᠤᠯᠠᠬᠤ ᠤᠬᠠᠮᠰᠠᠷ ᠢ ᠲᠡᠭᠡᠭ᠍ᠰᠢᠯᠡᠬᠦᠯᠬᠦ᠂ ᠰᠤᠶᠤᠯ ᠤᠨ ᠤᠯᠠᠮᠵᠢᠯᠠᠯ ᠢ ᠠᠬᠢᠭᠤᠯᠬᠤ᠂ ᠲᠦᠷᠦ ᠶ᠋ᠢᠨ ᠬᠠᠤᠯᠢ ᠶ᠋ᠢᠨ ᠲᠤᠳᠠᠮᠠᠭ ᠢ ᠨᠦᠬᠦᠪᠦᠷᠢᠯᠡᠬᠦ ᠵᠡᠷᠭᠡ ᠲᠠᠪᠤᠨ ᠲᠠᠯ᠎ᠠ ᠶ᠋ᠢᠨ ᠠᠬᠤᠶᠢᠴᠢ ᠠᠴᠢ ᠲᠤᠰᠠ ᠲᠠᠢ 〔7〕》 ᠭᠡᠵᠦ ᠦᠵᠡᠵᠡᠢ᠃ ᠪᠢ ᠬᠦᠢᠰᠦᠳᠦ ᠶ᠋ᠢᠨ ᠦᠷᠲᠡᠭᠡᠨ ᠳ᠋ᠤ ᠬᠢᠭ᠍ᠰᠡᠨ ᠪᠠᠶᠢᠴᠠᠭᠠᠯᠳᠠ ᠳ᠋ᠠᠭᠠᠨ ᠦᠨᠳᠦᠰᠦᠯᠡᠨ ᠮᠤᠡᠭᠭᠤᠯᠴᠤᠳ ᠤᠨ ᠵᠠᠡᠭᠰᠢᠯ ᠤᠨ ᠬᠠᠤᠯᠢ ᠨᠢ ᠲᠠᠷᠠᠭᠠᠬᠢ ᠲᠦᠷᠪᠡᠨ ᠲᠠᠯ᠎ᠠ ᠶ᠋ᠢᠨ ᠦᠢᠯᠡᠳᠦᠯ ᠲᠠᠢ ᠭᠡᠵᠦ ᠦᠵᠡᠪᠡ᠃

ᠨᠢᠭᠡ᠂ ᠮᠤᠡᠭᠭᠤᠯᠴᠤᠳ ᠤᠨ ᠵᠠᠡᠭᠰᠢᠯ ᠤᠨ ᠬᠠᠤᠯᠢ ᠨᠢ ᠲᠦᠷᠦ ᠶ᠋ᠢᠨ ᠬᠠᠤᠯᠢ ᠳ᠋ᠤ ᠨᠦᠬᠦᠪᠦᠷᠢᠯᠡᠬᠦ ᠦᠢᠯᠡᠳᠦᠯ ᠲᠠᠢ᠃ ᠨᠡᠶᠢᠭᠡᠮ ᠤᠨ ᠲᠠᠰᠤᠷᠠᠯ ᠦᠭᠡᠢ ᠬᠦᠭ᠍ᠵᠢᠯᠳᠡ ᠬᠤᠪᠢᠷᠠᠯᠳᠠ ᠳ᠋ᠤ ᠰᠢᠯᠳᠠᠭᠠᠯᠠᠨ ᠶᠠᠮᠠᠷ ᠴᠤ ᠬᠠᠤᠯᠢ ᠴᠠᠭᠠᠵᠠ ᠨᠢ ᠪᠦᠷ ᠬᠤᠴᠤᠷᠤᠭᠳᠠᠮᠠᠯ ᠰᠢᠨᠵᠢ ᠲᠠᠢ ᠪᠠᠶᠢᠳᠠᠭ᠃ ᠡᠭᠦᠨ ᠢ ᠪᠤᠳᠠᠳᠤ ᠵᠢᠱᠢᠶ᠎ᠡ ᠪᠡᠷ ᠶᠠᠷᠢᠪᠠᠯ ᠤᠶᠢᠷ᠎ᠠ ᠶ᠋ᠢᠨ ᠵᠢᠯ ᠤᠨ ᠰᠢᠨᠵᠢᠯᠡᠭᠡ ᠮᠡᠷᠭᠡᠵᠢᠯ ᠤᠨ ᠬᠦᠭ᠍ᠵᠢᠯᠳᠡ ᠶ᠋ᠢ ᠲᠠᠭᠠᠯᠳᠤᠨ ᠰᠦᠯᠵᠢᠶᠡᠨ ᠲᠤᠭᠯᠠᠭᠠᠮ ᠶᠡᠬᠡ ᠬᠦᠭ᠍ᠵᠢᠵᠦ᠂ ᠨᠠᠭᠠᠳᠤᠮᠴᠢᠳ ᠨᠢ ᠰᠦᠯᠵᠢᠶᠡᠨ ᠲᠡᠭᠡᠷ᠎ᠡ ᠬᠡᠶᠢᠰᠪᠤᠷᠢ ᠡᠳ᠋ ᠬᠦᠷᠦᠩᠭᠡ ᠲᠠᠢ ᠪᠤᠯᠵᠤ᠂ ᠡᠳᠡᠭᠡᠷ ᠡᠳ᠋ ᠬᠦᠷᠦᠩᠭᠡ ᠨᠢ ᠮᠦᠨ ᠪᠡᠯᠡᠨ ᠵᠤᠭᠤᠰ  ᠢᠶᠠᠷ ᠰᠤᠯᠢᠯᠴᠠᠵᠤ ᠪᠤᠯᠬᠤ ᠪᠤᠯᠬᠤᠷ ᠵᠠᠷᠢᠮ ᠬᠦᠮᠦᠰ ᠮᠡᠷᠭᠡᠵᠢᠯ ᠤᠨ ᠠᠷᠭ᠎ᠠ ᠪᠡᠷ ᠪᠤᠰᠤᠳ ᠬᠦᠮᠦᠰ ᠤᠨ ᠰᠦᠯᠵᠢᠶᠡᠨ ᠲᠡᠭᠡᠷᠡᠬᠢ ᠬᠡᠶᠢᠰᠪᠤᠷᠢ ᠬᠦᠷᠦᠩᠭᠡ ᠶ᠋ᠢ ᠬᠤᠯᠠᠭᠠᠶᠢᠯᠠᠬᠤ ᠶᠠᠪᠤᠳᠠᠯ ᠭᠠᠷᠴᠠᠢ᠂ ᠭᠡᠳᠡᠯ᠎ᠡ ᠤᠯᠠᠮᠵᠢᠯᠠᠯᠳᠤ ᠡᠷᠡᠭᠦᠤ ᠶ᠋ᠢᠨ ᠬᠠᠤᠯᠢ  ᠳ᠋ᠤ ᠡᠨᠡ ᠲᠤᠬᠠᠢ ᠲᠤᠳᠤᠷᠬᠠᠢ ᠲᠤᠭᠳᠠᠭᠠᠯ ᠪᠠᠶᠢᠬᠤ ᠦᠭᠡᠢ ᠮᠦᠷᠲᠡᠭᠡᠨ ᠬᠡᠷᠡᠭ ᠲᠤ ᠬᠤᠯᠪᠤᠭᠳᠠᠬᠤ ᠬᠡᠶᠢᠰᠪᠦᠷᠢ ᠬᠦᠷᠦᠩᠭᠡ ᠨᠢ ᠬᠦᠮᠦᠰ ᠤᠨ ᠤᠯᠠᠮᠵᠢᠯᠠᠯᠳᠤ ᠤᠬᠠᠭᠳᠠᠬᠤᠨ ᠳ᠋ᠡᠬᠢ ᠪᠤᠳᠠᠰ ᠪᠢᠰᠢ ᠤᠴᠢᠷ ᠡᠴᠡ ᠮᠠᠨ ᠤ ᠤᠯᠤᠰ ᠤᠨ ᠡᠷᠡᠭᠦᠤ ᠶ᠋ᠢᠨ ᠬᠠᠤᠯᠢ ᠨᠢ ᠨᠡᠶᠢᠭᠡᠮ ᠤᠨ ᠰᠢᠨ᠎ᠡ ᠬᠦᠭ᠍ᠵᠢᠯᠳᠡ ᠡᠴᠡ ᠬᠤᠴᠤᠷᠴᠤ ᠪᠠᠶᠢᠬᠤ ᠶ᠋ᠢ ᠬᠠᠷᠠᠭᠤᠯᠵᠤ ᠪᠠᠶᠢᠨ᠎ᠠ᠃ ᠡᠨᠡ ᠨᠢ ᠰᠢᠨᠵᠢᠯᠡᠭᠡ ᠮᠡᠷᠭᠡᠵᠢᠯ ᠤᠨ ᠬᠦᠭ᠍ᠵᠢᠯᠳᠡ ᠳ᠋ᠤ ᠰᠠᠭᠤᠷᠢᠯᠠᠭᠰᠠᠨ ᠰᠢᠨ᠎ᠡ ᠠᠬᠤᠢ ᠨᠢ ᠬᠠᠤᠯᠢ ᠶ᠋ᠢᠨ ᠲᠤᠭᠳᠠᠭᠠᠯ ᠳ᠋ᠤ ᠲᠤᠰᠬᠠᠯ ᠢᠶᠡᠨ ᠤᠯᠤᠭᠰᠠᠨ ᠦᠭᠡᠢ ᠵᠢᠱᠢᠶ᠎ᠡ ᠪᠤᠯ 2016 ᠤᠨ ᠳ᠋ᠤ ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠠᠶᠠᠠᠨᠠᠭᠤᠷ ᠠᠶᠢᠮᠠᠭ ᠲᠤ ᠭᠠᠷᠤᠭᠰᠠᠨ ᠡᠷᠳᠡᠨᠢ ᠰᠢᠰᠢ ᠰᠠᠷᠢᠭᠠᠯᠠᠭᠠᠳ ᠶᠠᠯ᠎ᠠ ᠳ᠋ᠤ ᠤᠷᠤᠭᠰᠠᠨ ᠲᠠᠷᠢᠶᠠᠴᠢᠨ ᠤ ᠦᠯᠢᠭᠡᠷ ᠮᠦᠨ ᠬᠠᠤᠯᠢ ᠴᠠᠭᠠᠵᠠ᠂ ᠲᠦᠷᠢᠮ ᠲᠤᠭᠳᠠᠭᠠᠯ ᠤᠨ ᠬᠤᠴᠤᠷᠤᠭᠳᠠᠮᠠᠯ ᠰᠢᠨᠵᠢ ᠶ᠋ᠢ ᠬᠠᠷᠠᠭᠤᠯᠵᠤ ᠪᠠᠶᠢᠨ᠎ᠠ᠃ ᠲᠤᠰ ᠵᠢᠱᠢᠶ᠎ᠡ ᠳ᠋ᠤ ᠸᠠᠡᠭ ᠯᠢ ᠵᠢᠶᠦᠨ ᠭᠡᠳᠡᠭ ᠲᠠᠷᠢᠶᠠᠴᠢᠨ ᠤᠶᠢᠷ᠎ᠠ ᠤᠷᠴᠢᠮ ᠤᠨ ᠢᠶᠡᠨ ᠲᠠᠷᠢᠶᠠᠴᠢᠳ ᠤᠨ ᠡᠷᠳᠡᠨᠢ ᠰᠢᠰᠢ ᠶ᠋ᠢ ᠬᠤᠳᠠᠯᠳᠤᠨ ᠠᠪᠴᠤ ᠪᠤᠰᠤᠳ ᠭᠠᠵᠠᠷ ᠠᠪᠠᠴᠢᠵᠤ ᠬᠤᠳᠠᠯᠳᠤᠭᠠᠳ ᠠᠰᠢᠭ ᠤᠯᠳᠠᠭ ᠠᠵᠢᠯᠯᠠᠭ᠎ᠠ  ᠨᠢ《 ᠬᠠᠤᠯᠢ ᠪᠤᠰᠤ ᠪᠡᠷ ᠡᠵᠡᠭᠨᠡᠭᠰᠡᠨ ᠶᠠᠯ᠎ᠠ》 ᠪᠡᠷ ᠲᠤᠭᠳᠠᠭᠠᠭᠳᠠᠵᠤ ᠲᠤᠰ ᠲᠠᠷᠢᠶᠠᠴᠢᠨ ᠬᠠᠤᠯᠢ ᠶ᠋ᠢᠨ ᠰᠢᠳᠬᠡᠯ ᠬᠦᠯᠢᠶᠡᠵᠡᠢ᠃ ᠰᠡᠭᠦᠯ ᠳ᠋ᠤᠨᠢ ᠲᠤᠰ ᠬᠡᠷᠡᠭ ᠢ ᠲᠠᠬᠢᠨ ᠰᠢᠬᠦᠵᠦ ᠰᠢᠬᠦᠬᠦ ᠬᠤᠷᠢᠶᠠᠨ ᠡᠴᠡ ᠸᠠᠡᠭ ᠯᠢ ᠵᠢᠶᠦᠨ ᠤ ᠠᠵᠢᠯᠯᠠᠭ᠎ᠠ ᠨᠢ ᠬᠡᠳᠦᠶᠢᠪᠡᠷ ᠠᠡᠭᠬᠠᠨ ᠤ ᠰᠢᠬᠦᠯᠳᠡ ᠶ᠋ᠢᠨ ᠬᠤᠭᠤᠴᠠᠭᠠᠨ ᠳ᠋ᠤ ᠬᠦᠴᠦᠨ ᠲᠠᠢ ᠪᠠᠶᠢᠭᠰᠠᠨ ᠪᠤᠯᠪᠠᠴᠤ 2016 ᠤᠨ ᠤ 9 ᠰᠠᠷ᠎ᠠ ᠶ᠋ᠢᠨ 4  ‍ᠤ ᠡᠳᠦᠷ ᠬᠦᠴᠦᠨ ᠦᠭᠡᠢ ᠪᠤᠯᠤᠭᠰᠠᠨ 《 ᠠᠮᠤ ᠪᠤᠳᠠᠭ᠎ᠠ ᠬᠤᠳᠠᠯᠳᠤᠨ ᠠᠪᠬᠤ ᠬᠢᠷᠢ ᠬᠡᠮ ᠢ ᠬᠢᠨᠠᠨ ᠬᠠᠮᠢᠶᠠᠷᠬᠤ ᠲᠦᠷ ᠴᠠᠭ ᠤᠨ ᠲᠤᠭᠳᠠᠭᠠᠯ 》 ᠢ ᠵᠦᠷᠢᠴᠡᠭᠰᠡᠨ ᠪᠤᠯᠪᠠᠴᠤ ᠤᠳᠤ ᠬᠦᠴᠦᠨ ᠲᠠᠢ ᠪᠠᠶᠢᠭ᠎ᠠ 《 ᠠᠮᠤ ᠪᠤᠳᠠᠭ᠎ᠠ ᠬᠤᠳᠠᠯᠳᠤᠨ ᠠᠪᠬᠤ ᠬᠢᠷᠢ ᠬᠡᠮ ᠢ ᠬᠢᠨᠠᠨ ᠬᠠᠮᠢᠶᠠᠷᠬᠤ ᠠᠷᠭ᠎ᠠ》 ᠶ᠋ᠢᠨ ᠲᠤᠭᠳᠠᠭᠠᠯ ᠢᠶᠠᠷ ᠬᠠᠤᠯᠢ ᠵᠦᠷᠢᠴᠡᠭᠰᠡᠨ ᠦᠭᠡᠢ ᠪᠤᠯᠬᠤᠷ ᠸᠠᠡᠭ ᠯᠢ ᠵᠢᠶᠦᠨ  ᠢ ᠶᠠᠯ᠎ᠠ ᠦᠭᠡᠢ ᠭᠡᠵᠦ ᠰᠢᠭᠦᠨ ᠲᠠᠰᠤᠯᠵᠠᠢ᠃ ᠲᠠᠷᠢᠶᠠᠴᠢᠳ ᠡᠷᠳᠡᠨᠢ ᠰᠢᠰᠢ ᠲᠠᠷᠢᠬᠤ ᠨᠢ ᠤᠯᠠᠳᠠᠬᠤ ᠶ᠋ᠢ ᠲᠠᠭᠠᠯᠳᠤᠨ ᠵᠠᠷᠢᠮ ᠲᠠᠷᠢᠶᠠᠴᠢᠳ ᠲᠤᠷ᠎ᠠ ᠪᠡᠷ ᠢᠶᠡᠨ ᠪᠠᠭ᠎ᠠ ᠬᠡᠪᠴᠢᠶᠡᠨ ᠤ ᠠᠮᠤ ᠪᠤᠳᠠᠭ᠎ᠠ ᠰᠠᠷᠢᠭᠠᠯᠠᠬᠤ ᠤᠴᠢᠷ ᠨᠢ ᠲᠦᠭᠡᠮᠡᠯ ᠶᠠᠪᠤᠳᠠᠯ ᠪᠤᠯᠤᠭᠰᠠᠨ ᠪᠤᠯᠬᠤᠷ ᠰᠢᠨ᠎ᠡ ᠲᠤᠭᠳᠠᠭᠠᠯ ᠳ᠋ᠤ ᠲᠠᠷᠢᠶᠠᠴᠢᠳ ᠠᠮᠤ ᠪᠤᠳᠠᠭ᠎ᠠ ᠰᠠᠷᠢᠭᠠᠯᠠᠬᠤ ᠳ᠋ᠤ ᠠᠮᠤ ᠪᠤᠳᠠᠭ᠎ᠠ ᠬᠤᠳᠠᠯᠳᠤᠨ ᠠᠪᠬᠤ ᠬᠤᠳᠠᠯᠳᠤᠨ ᠠᠪᠬᠤ ᠵᠦᠪᠰᠢᠶᠡᠷᠡᠯ ᠠᠪᠬᠤ ᠴᠢᠬᠤᠯᠠ ᠦᠭᠡᠢ ᠭᠡᠵᠦ ᠲᠤᠭᠳᠠᠭᠠᠵᠠᠢ᠃ ᠡᠨᠡᠬᠦ ᠬᠡᠷᠡᠭ ᠲᠤ ᠬᠠᠭᠤᠴᠢᠨ ᠲᠤᠭᠳᠠᠭᠠᠯ ᠨᠢ ᠸᠠᠡᠭ ᠯᠢ ᠵᠢᠶᠦᠨ ᠤ ᠬᠡᠷᠡᠭ ᠭᠠᠷᠬᠤ ᠦᠶ᠎ᠡ ᠶ᠋ᠢᠨ ᠨᠡᠶᠢᠭᠡᠮ ᠤᠨ ᠪᠠᠶᠢᠳᠠᠯ ᠲᠠᠢ ᠲᠤᠬᠢᠷᠠᠯᠴᠠᠬᠤ ᠪᠠᠨ ᠪᠤᠯᠢᠭᠰᠠᠨ ᠨᠢ ᠢᠯᠡᠷᠭᠡᠢ ᠪᠠᠶᠢᠨ᠎ᠠ᠃ ᠲᠡᠭᠡᠪᠡᠯ ᠬᠦᠢᠰᠦᠳᠦ ᠶ᠋ᠢᠨ ᠦᠷᠲᠡᠭᠡᠨ ᠤ ᠬᠦᠮᠦᠰ ᠤᠨ ᠬᠠᠳᠤᠯᠠᠡᠭ ᠢᠶᠡᠨ ᠬᠠᠮᠳᠤ ᠪᠡᠷ ᠡᠷᠬᠡ ᠲᠡᠭᠰᠢ ᠡᠳ᠋ᠯᠡᠵᠦ ᠪᠠᠶᠢᠬᠤ ᠤᠴᠢᠷ ᠨᠢ ᠬᠡᠳᠦᠶᠢᠪᠡᠷ ᠮᠠᠨ ᠤ ᠤᠯᠤᠰ ᠤᠨ ᠭᠠᠵᠠᠷ ᠰᠢᠷᠤᠢ ᠶ᠋ᠢ ᠡᠷᠦᠬᠡ ᠳ᠋ᠤ ᠲᠠᠭᠠᠭᠠᠴᠢᠯᠠᠭᠤᠯᠬᠤ ᠬᠠᠤᠯᠢ ᠶ᠋ᠢᠨ ᠲᠤᠭᠳᠠᠭᠠᠯ ᠲᠠᠢ ᠨᠡᠶᠢᠴᠡᠬᠦ ᠦᠭᠡᠢ ᠪᠤᠯᠪᠠᠴᠤ ᠮᠠᠯᠵᠢᠬᠤ ᠠᠮᠢᠳᠤᠷᠠᠯ ᠳ᠋ᠤ ᠬᠠᠮᠤᠭ ᠴᠢᠬᠤᠯᠠ ᠪᠤᠯᠬᠤ ᠬᠠᠳᠤᠯᠠᠡᠭ ᠭᠡᠬᠦ ᠡᠬᠢ ᠪᠠᠶᠠᠯᠢᠭ ᠢ ᠵᠢᠯ ᠪᠤᠯᠭᠠᠨ ᠡᠪᠡᠰᠦᠨ ᠤ ᠤᠷᠭᠤᠴᠠ ᠶ᠋ᠢᠨ ᠪᠠᠶᠢᠳᠠᠯ ᠳ᠋ᠤ ᠲᠤᠬᠢᠷᠠᠭᠤᠯᠤᠨ ᠡᠷᠬᠡ ᠲᠡᠭᠰᠢ ᠬᠤᠪᠢᠶᠠᠷᠢᠯᠠᠵᠤ ᠪᠠᠶᠢᠬᠤ ᠨᠢ ᠭᠠᠵᠠᠷ ᠤᠨ ᠰᠠᠶᠢᠨ ᠮᠠᠭᠤ ᠶ᠋ᠢ ᠬᠠᠮᠢᠶᠠᠷᠬᠤ ᠦᠭᠡᠢ ᠦᠬᠦᠮᠡᠯ ᠢᠶᠠᠷ ᠲᠠᠯᠠᠪᠠᠢ ᠶ᠋ᠢ ᠨᠢ ᠲᠡᠭᠰᠢ ᠬᠤᠪᠢᠶᠠᠨ ᠲᠠᠭᠠᠭᠠᠴᠢᠯᠠᠵᠤ ᠦᠭᠳᠡᠭ ᠲᠦᠷᠦ ᠶ᠋ᠢᠨ ᠬᠠᠤᠯᠢ ᠶ᠋ᠢᠨ ᠮᠠᠯᠵᠢᠬᠤ ᠤᠷᠤᠨ ᠳ᠋ᠤ ᠵᠤᠬᠢᠴᠠᠬᠤ ᠦᠭᠡᠢ ᠪᠠᠶᠢᠬᠤ ᠠᠰᠠᠭᠤᠳᠠᠯ ᠢ ᠡᠪᠳᠡᠢ ᠰᠢᠢᠳᠪᠦᠷᠢᠯᠡᠭᠰᠡᠨ ᠤᠴᠢᠷ ᠪᠤᠯᠵᠠᠢ᠃ ᠡᠭᠦᠨ ᠡᠴᠡ ᠭᠠᠳᠠᠨ᠎ᠠ ᠰᠢᠬᠦᠬᠦ ᠬᠤᠷᠢᠶᠠᠨ ᠤ ᠰᠢᠭᠦᠯᠳᠡ ᠳ᠋ᠤ ᠴᠤ ᠮᠤᠡᠭᠭᠤᠯᠴᠤᠳ ᠤᠨ ᠵᠠᠡᠭᠰᠢᠯ ᠢ ᠵᠦᠪ ᠠᠰᠢᠭᠯᠠᠭᠰᠠᠨ ᠵᠢᠱᠢᠶ᠎ᠡ ᠨᠢᠭᠡ ᠲᠤᠷᠠᠳᠪᠠᠯ ᠬᠤᠶᠠᠷ ᠮᠠᠯᠴᠢᠨ ᠨᠢᠭᠡ ᠦᠬᠡᠷ ᠤᠨ ᠲᠤᠬᠠᠢ ᠵᠠᠷᠭᠤ ᠪᠤᠯᠵᠤ ᠰᠢᠭᠦᠯᠳᠡ ᠶ᠋ᠢᠨ ᠶᠠᠪᠤᠴᠠ ᠳ᠋ᠤ ᠬᠤᠶᠠᠷ ᠲᠠᠯ᠎ᠠ ᠪᠡᠷ ᠢᠶᠡᠨ ᠪᠦᠷ ᠦᠬᠡᠷ ᠤᠨ ᠢᠮ ᠲᠠᠮᠠᠭ᠎ᠠ᠂ ᠨᠠᠰᠤ ᠵᠢᠯ᠂ ᠦᠩᠭᠡ ᠵᠢᠰᠦᠮ ᠵᠡᠷᠭᠡ ᠭᠠᠳᠠᠷ ᠰᠢᠨᠵᠢ ᠶ᠋ᠢ ᠲᠤᠳᠤᠷᠬᠠᠢ ᠮᠡᠳᠡᠵᠦ ᠪᠠᠶᠢᠬᠤ ᠪᠤᠯᠬᠤᠷ ᠦᠭᠡᠷ ᠨᠢ ᠬᠡᠨ ᠤ ᠬᠢ ᠪᠤᠯᠬᠤ ᠶ᠋ᠢ ᠲᠠᠰᠤᠯᠬᠤ ᠳ᠋ᠤ ᠬᠦᠴᠢᠷ ᠪᠤᠯᠵᠠᠢ᠃ ᠲᠤᠰ ᠬᠡᠷᠡᠭ ᠢ ᠰᠢᠭᠦᠭ᠍ᠰᠡᠨ ᠰᠢᠬᠦᠭ᠍ᠴᠢ ᠨᠢ ᠮᠤᠡᠭᠭᠤᠯ ᠬᠦᠮᠦᠨ ᠪᠤᠯᠬᠤᠷ ᠨᠦᠭᠦᠭᠡ ᠰᠢᠭᠦᠭ᠍ᠴᠢ ᠦᠭᠡᠷ ᠢ ᠨᠢ ᠲᠡᠷᠭᠡ ᠪᠡᠷ ᠲᠡᠭᠡᠭᠡᠵᠦ ᠠᠶᠢᠯ ᠡᠴᠡ ᠬᠤᠯᠠ ᠪᠡᠯᠴᠢᠭᠡᠷ ᠲᠡᠭᠡᠷ᠎ᠡ ᠨᠢ ᠠᠪᠠᠴᠢᠵᠤ ᠲᠠᠯᠪᠢᠭᠠᠳ ᠦᠬᠡᠷ ᠬᠡᠨ ᠤ ᠭᠠᠳᠠᠨ᠎ᠠ ᠤᠴᠢᠬᠤ ᠶ᠋ᠢ ᠨᠢ ᠦᠵᠡᠵᠦ ᠦᠬᠡᠷ ᠬᠡᠨ ᠤ ᠦᠭᠡᠷ ᠪᠤᠯᠬᠤ ᠶ᠋ᠢ ᠢᠯᠭᠠᠨ ᠲᠤᠭᠳᠠᠭᠠᠵᠠᠢ᠃ ᠡᠨᠡᠬᠦ ᠬᠡᠷᠡᠭ ᠢ ᠬᠡᠷᠪᠡ ᠤᠳᠤᠬᠢ ᠮᠡᠷᠭᠡᠵᠢᠯ ᠤᠨ ᠠᠷᠭ᠎ᠠ ᠪᠡᠷ ᠰᠢᠭᠦᠨ ᠲᠠᠰᠤᠯᠪᠠᠯ ᠦᠬᠡᠷ ᠲᠤ DNA ᠶ᠋ᠢᠨ ᠬᠢᠨᠠᠨ ᠲᠤᠭᠳᠠᠭᠠᠯ ᠬᠢᠵᠦ ᠮᠡᠳᠡᠬᠦ ᠤᠴᠢᠷ ᠭᠠᠷᠬᠤ ᠪᠦᠭᠡᠳ ᠵᠠᠷᠭᠤ ᠶ᠋ᠢᠨ ᠵᠠᠷᠤᠳᠠᠯ ᠦᠬᠡᠷ ᠤᠨ ᠦᠨ᠎ᠡ ᠡᠴᠡ ᠴᠤ ᠬᠡᠳᠦᠷᠡᠵᠦ ᠮᠡᠳᠡᠨ᠎ᠡ᠃ ᠡᠨᠡᠬᠦ ᠵᠢᠱᠢᠶ᠎ᠡ ᠨᠢ ᠮᠤᠡᠭᠭᠤᠯᠴᠤᠳ ᠤᠨ ᠵᠠᠡᠭᠰᠢᠯ ᠤᠨ ᠬᠠᠤᠯᠢ ᠨᠢ ᠲᠦᠷᠦ ᠶ᠋ᠢᠨ ᠬᠠᠤᠯᠢ ᠶ᠋ᠢᠨ ᠴᠦᠬᠡᠨ ᠲᠤᠭᠠᠳᠤ ᠦᠨᠳᠦᠰᠦᠳᠡᠨ ᠤ ᠤᠷᠤᠨ ᠳ᠋ᠤ ᠬᠡᠷᠡᠭᠵᠢᠭᠦᠯᠦᠭᠳᠡᠬᠦ ᠶᠠᠪᠤᠴᠠ ᠳ᠋ᠡᠬᠢ ᠲᠤᠳᠠᠭᠳᠠᠯ ᠢ ᠨᠦᠬᠦᠪᠦᠷᠢᠯᠡᠬᠦ ᠦᠢᠯᠡᠳᠦᠯ ᠲᠠᠢ ᠶ᠋ᠢ ᠬᠠᠷᠠᠭᠤᠯᠵᠤ ᠪᠠᠶᠢᠨ᠎ᠠ᠃ ᠡᠭᠦᠨ ᠡᠴᠡ ᠭᠠᠳᠠᠨ᠎ᠠ ᠮᠤᠡᠭᠭᠤᠯᠴᠤᠳ ᠤᠨ ᠵᠠᠡᠭᠰᠢᠯ ᠤᠨ ᠬᠠᠤᠯᠢ ᠨᠢ ᠲᠦᠷᠦ ᠶ᠋ᠢᠨ ᠬᠠᠤᠯᠢ ᠶ᠋ᠢᠨ ᠠᠭᠤᠯᠭ᠎ᠠ ᠶ᠋ᠢᠨ ᠲᠠᠯ᠎ᠠ ᠶ᠋ᠢᠨ ᠲᠤᠳᠠᠭᠳᠠᠯ ᠢ ᠴᠤ ᠨᠦᠬᠦᠪᠦᠷᠢᠯᠡᠬᠦ ᠦᠢᠯᠡᠳᠦᠯ ᠲᠠᠢ᠃ ᠪᠢᠳᠡ ᠴᠦᠬᠡᠨ ᠲᠤᠭᠠᠳᠤ ᠦᠨᠳᠦᠰᠦᠳᠡᠨ ᠤ ᠤᠷᠤᠨ ᠳ᠋ᠤ ᠲᠡᠳᠡᠨᠤᠰ ᠤᠨ ᠵᠠᠡᠭᠰᠢᠯ ᠤᠨ ᠬᠠᠤᠯᠢ ᠶ᠋ᠢ ᠬᠦᠨᠳᠦᠳᠬᠡᠨ ᠲᠦᠷᠦ ᠶ᠋ᠢᠨ ᠬᠠᠤᠯᠢ ᠳ᠋ᠤ ᠴᠦᠬᠡᠨ ᠲᠤᠭᠠᠳᠤ ᠦᠨᠳᠦᠰᠦᠳᠡᠨ ᠤ ᠵᠠᠡᠭᠰᠢᠯ ᠤᠨ ᠬᠠᠤᠯᠢ ᠶ᠋ᠢᠨ ᠲᠠᠪᠠᠭᠤᠯᠢᠭ ᠢ ᠬᠡᠷᠬᠢᠨ ᠰᠢᠩᠭᠡᠭᠡᠨ ᠠᠪᠬᠤ ᠤᠴᠢᠷ ᠢ ᠪᠤᠳᠤᠭᠤᠰᠢᠳᠠᠢ ᠪᠠᠶᠢᠨ᠎ᠠ᠃   

ᠬᠤᠶᠠᠷ᠂ ᠮᠤᠡᠭᠭᠤᠯᠴᠤᠳ ᠤᠨ ᠵᠠᠡᠭᠰᠢᠯ ᠤᠨ ᠬᠠᠤᠯᠢ ᠨᠢ ᠨᠡᠶᠢᠭᠡᠮ ‍ᠤᠨ ᠡᠮᠬᠢ ᠲᠢᠭᠯᠢᠮ ‍ᠢ ᠬᠠᠮᠠᠭᠠᠯᠠᠵᠤ᠂ ᠡᠶ᠎ᠡ ᠡᠪ ‍ᠢ ᠬᠠᠮᠠᠭᠠᠯᠠᠬᠤ ᠦᠢᠯᠡᠳᠦᠯ ᠲᠠᠢ᠃ ᠮᠤᠡᠭᠭᠤᠯᠴᠤᠳ ᠤᠨ ᠤᠯᠠᠮᠵᠢᠯᠠᠳᠤ ᠰᠡᠳᠬᠢᠬᠦᠢ ᠳ᠋ᠤ ᠨᠡᠷ᠎ᠡ ᠨᠢᠭᠤᠷ ᠨᠢ ᠲᠤᠡᠭ ᠴᠢᠬᠤᠯᠠ ᠪᠠᠶᠢᠵᠤ 《 ᠶᠠᠰᠤ ᠪᠠᠨ ᠬᠤᠭᠤᠯᠪᠠᠴᠤ ᠨᠡᠷ᠎ᠡ ᠪᠠᠨ ᠬᠤᠭᠤᠯᠬᠤ ᠦᠭᠡᠢ》᠂ 《 ᠬᠦᠮᠦᠨ ᠶᠠᠪᠤᠪᠠᠯ ᠨᠡᠷ᠎ᠡ ᠪᠡᠷ᠂ ᠭᠠᠯᠠᠭᠤ ᠶᠠᠪᠤᠪᠠᠯ ᠲᠠᠭᠤ ᠪᠡᠷ》ᠭᠡᠬᠦ ᠮᠡᠳᠦ ᠨᠡᠷ᠎ᠡ ᠬᠦᠨᠳᠦ ᠶ᠋ᠢ ᠴᠢᠬᠤᠯᠴᠢᠯᠠᠨ ᠦᠵᠡᠭᠰᠡᠨ ᠠᠷᠠᠳ ᠤᠨ ᠵᠦᠢᠷ ᠦᠬᠡ ᠦᠷᠬᠦᠯᠵᠢ ᠬᠡᠤᠬᠡᠳ ᠤᠨ ᠰᠤᠷᠭᠠᠯ ᠳ᠋ᠤ ᠰᠤᠨᠤᠰᠤᠭᠳᠠᠳᠠᠭ ᠪᠢᠯᠡ᠃ ᠶᠠᠭ ᠡᠶᠢᠮᠦᠷᠬᠦ ᠨᠡᠷ᠎ᠡ ᠬᠦᠨᠳᠦ ᠶ᠋ᠢ ᠬᠦᠨᠳᠦᠳᠬᠡᠨ ᠦᠵᠡᠳᠡᠭ ᠰᠡᠳᠬᠢᠯᠭᠡ ᠨᠢ ᠲᠡᠳᠡᠨᠤᠰ ᠲᠤ ᠬᠠᠤᠯᠢ ᠲᠦᠷᠢᠮ ᠢ ᠴᠢᠡᠭᠭ᠎ᠠ ᠰᠠᠬᠢᠨ᠂ ᠨᠡᠷ᠎ᠡ ᠨᠢᠭᠤᠷ᠂ ᠴᠢᠨᠠᠭᠰᠢᠯᠠᠨ ᠠᠪᠤ ᠲᠡᠭᠡᠳᠦᠰ ᠤᠨ ᠢᠶᠡᠨ ᠨᠡᠷ᠎ᠡ ᠨᠢᠭᠤᠷ ᠢ ᠭᠤᠳᠤᠭᠠᠬᠤ ᠦᠭᠡᠢ ᠪᠠᠶᠢᠬᠤ ᠶ᠋ᠢ ᠬᠢᠴᠢᠶᠡᠬᠦ ᠪᠤᠯᠭᠠᠵᠤ᠂ ᠤᠨᠴᠠᠭᠠᠶᠢᠯᠠᠨ ᠬᠤᠯᠠᠭᠠᠢ ᠬᠤᠳᠠᠯ ᠢ ᠤᠨᠴᠠ ᠵᠢᠭᠰᠢᠳᠡᠭ ᠡᠴᠡ ᠶᠠᠯ᠎ᠠ ᠬᠢᠬᠦ ᠪᠤᠯᠤᠮᠵᠢ ᠶ᠋ᠢ ᠪᠠᠭᠠᠰᠬᠠᠵᠤ ᠨᠡᠶᠢᠭᠡᠮ ᠤᠨ ᠠᠮᠤᠷ ᠲᠤᠭᠳᠠᠭᠤᠨ᠂ ᠬᠡᠪ ᠤᠨ ᠲᠢᠭᠯᠢᠮ ᠢ ᠬᠠᠮᠠᠭᠠᠯᠠᠨ ᠡᠶ᠎ᠡ ᠨᠠᠶᠢᠷ ᠢ ᠪᠠᠳᠤᠯᠠᠬᠤ ᠳ᠋ᠤ ᠴᠢᠬᠤᠯᠠ ᠦᠢᠯᠡᠳᠦᠯ ᠭᠠᠷᠭᠠᠵᠤ ᠪᠠᠶᠢᠨ᠎ᠠ᠃ ᠬᠦᠢᠰᠦᠳᠦ ᠶ᠋ᠢᠨ ᠦᠷᠲᠡᠭᠡ ᠪᠡᠷ ᠠᠪᠴᠤ ᠬᠡᠯᠡᠪᠡᠯ ᠤᠳᠤ ᠪᠤᠯᠳᠠᠯ᠎ᠠ ᠬᠦᠢᠰᠦᠳᠦ ᠶ᠋ᠢᠨ ᠦᠷᠲᠡᠭᠡ ᠡᠴᠡ ᠶᠠᠯ᠎ᠠ ᠬᠢᠭ᠍ᠰᠡᠨ ᠬᠦᠮᠦᠨ ᠨᠢᠭᠡᠴᠦ ᠭᠠᠷᠤᠭᠰᠠᠨ ᠦᠭᠡᠢ ᠪᠦᠭᠡᠳ ᠴᠢᠯᠦᠭᠡᠯᠡᠬᠦ ᠶ᠋ᠢᠨ ᠡᠬᠢᠨ ᠳ᠋ᠤ ᠬᠢᠨᠳᠠᠨ ᠡᠴᠡ ᠰᠤᠯᠠᠯᠠᠭᠳᠠᠭᠰᠠᠨ ᠨᠢᠭᠡ ᠶᠠᠯᠠᠳᠠᠨ ᠢ ᠬᠦᠢᠰᠦᠳᠦ ᠶ᠋ᠢᠨ ᠦᠷᠲᠡᠭᠡᠨ ᠳ᠋ᠤ ᠲᠤᠬᠢᠷᠠᠭᠤᠯᠤᠨ ᠠᠮᠢᠳᠤᠷᠠᠭᠤᠯᠬᠤ ᠦᠶᠡᠰ ᠲᠡᠭᠦᠨ ᠢ ᠬᠦᠮᠦᠰ ᠶᠡᠬᠡ ᠭᠠᠳᠠᠭᠤᠷᠰᠢᠶᠠᠳᠠᠭ ᠡᠴᠡ ᠲᠡᠷᠡ ᠨᠡᠭᠦᠵᠦ ᠶᠠᠪᠤᠭᠰᠠᠨ ᠭᠡᠨ᠎ᠡ᠃ ᠶᠠᠭ ᠡᠶᠢᠮᠦᠷᠬᠦ ᠶᠠᠯ᠎ᠠ ᠬᠢᠬᠦ ᠶ᠋ᠢ ᠵᠢᠭᠰᠢᠬᠦ ᠰᠡᠳᠬᠢᠯᠭᠡ ᠵᠢᠴᠢ ᠶᠠᠯ᠎ᠠ ᠶ᠋ᠢᠨ ᠲᠤᠬᠠᠢ ᠡᠳᠡᠭᠡᠷ ᠶᠠᠷᠢᠶ᠎ᠠ ᠨᠣᠭᠣᠳ ᠨᠢ ᠬᠦᠢᠰᠦᠳᠦ ᠶ᠋ᠢᠨ ᠦᠷᠲᠡᠭᠡᠨ ᠤ ᠬᠡᠤᠬᠡᠳ ᠪᠠᠭᠠᠴᠤᠤᠯ ᠳ᠋ᠤ ᠪᠠᠭ᠎ᠠ ᠡᠴᠡ ᠨᠢ ᠰᠡᠷᠡᠮᠵᠢᠯᠡᠭᠦᠯᠦᠨ ᠰᠤᠷᠭᠠᠬᠤ ᠦᠢᠯᠡᠳᠦᠯ ᠭᠠᠷᠭᠠᠵᠤ ᠪᠠᠶᠢᠨ᠎ᠠ᠃ ᠬᠦᠢᠰᠦᠳᠦ ᠶ᠋ᠢᠨ ᠦᠷᠲᠡᠭᠡ ᠡᠴᠡ ᠶᠠᠯ᠎ᠠ ᠬᠢᠭ᠍ᠰᠡᠨ ᠬᠦᠮᠦᠨ ᠭᠠᠷᠤᠭᠰᠠᠨ ᠦᠭᠡᠢ ᠪᠦᠭᠡᠳ ᠬᠤᠭᠤᠷᠤᠨᠳᠤ ᠪᠠᠨ ᠵᠠᠷᠭᠤ ᠬᠢᠭ᠍ᠰᠡᠨ ᠬᠦᠮᠦᠨ ᠴᠤ ᠭᠠᠷᠤᠭ᠎ᠠ ᠦᠭᠡᠢ ᠪᠠᠶᠢᠬᠤ ᠨᠢ ᠲᠡᠳᠡᠨᠤᠰ ᠵᠠᠡᠭᠰᠢᠯ ᠤᠨ ᠬᠠᠤᠯᠢ ᠶ᠋ᠢᠨ ᠢᠶᠡᠨ ᠵᠠᠬᠢᠷᠤᠯ ᠲᠤᠤᠷ᠎ᠠ ᠬᠢᠷᠢ ᠵᠡᠷᠭᠡ ᠡᠶ᠎ᠡ ᠡᠪ ᠲᠠᠢ ᠠᠮᠢᠳᠤᠷᠠᠵᠤ ᠪᠠᠶᠢᠬᠤ ᠶ᠋ᠢ ᠭᠡᠷᠡᠴᠢᠯᠡᠨ᠎ᠡ᠃   

ᠭᠤᠷᠪᠠ᠂ ᠮᠤᠡᠭᠭᠤᠯᠴᠤᠳ ᠤᠨ ᠵᠠᠡᠭᠰᠢᠯ ᠤᠨ ᠬᠠᠤᠯᠢ ᠨᠢ ᠮᠤᠡᠭᠭᠤᠯ ᠦᠨᠳᠦᠰᠦᠳᠡᠨ ᠤ ᠬᠡᠯᠡ ᠰᠤᠶᠤᠯ ‍ᠤᠨ ᠤᠯᠠᠮᠵᠢᠯᠠᠯ ᠢ ᠪᠠᠳᠤᠯᠠᠬᠤ ᠳ᠋ᠤ ᠠᠰᠢᠭᠳᠠᠢ᠃ ᠬᠦᠢᠰᠦᠳᠦ ᠶ᠋ᠢᠨ ᠦᠷᠲᠡᠭᠡᠨ ᠤ ᠬᠤᠪᠢ ᠳ᠋ᠤ ᠬᠢᠳᠡᠳ ᠰᠤᠶᠤᠯ ᠤᠨ ᠲᠤᠮᠳᠠᠬᠢ ᠮᠤᠡᠭᠭᠤᠯ ᠰᠤᠶᠤᠯ ᠤᠨ 《 ᠦᠨᠦᠴᠢᠨ ᠠᠷᠠᠯ 》 ᠪᠤᠯᠵᠤ ᠦᠯᠡᠳᠡᠵᠦ ᠴᠢᠳᠠᠭᠰᠠᠨ ᠤ ᠭᠤᠤᠯ ᠰᠢᠯᠳᠠᠭᠠᠨ ᠨᠢ ᠲᠡᠳᠡᠨᠤᠰ ᠮᠤᠡᠭᠭᠤᠯ ᠬᠡᠯᠡ ᠰᠤᠶᠤᠯ ᠤᠨ ᠠᠵᠤ ᠠᠬᠤᠢ ᠶ᠋ᠢᠨ ᠰᠠᠭᠤᠷᠢ ᠪᠠᠨ ᠪᠠᠳᠤᠯᠠᠵᠤ ᠴᠢᠳᠠᠭᠰᠠᠨ ᠲᠠᠢ ᠬᠤᠯᠪᠤᠭ᠎ᠠ ᠲᠠᠢ᠃ ᠬᠦᠢᠰᠦᠳᠦ ᠶ᠋ᠢᠨ ᠦᠷᠲᠡᠭᠡᠨ ᠤ ᠬᠦᠮᠦᠰ ᠲᠡᠳᠡᠨᠤᠰ ᠤᠨ ᠵᠠᠡᠭᠰᠢᠯ ᠤᠨ ᠬᠠᠤᠯᠢ ᠶ᠋ᠢᠨ ᠢᠶᠡᠨ ᠲᠠᠭᠠᠤ ᠬᠠᠮᠳᠤ ᠪᠡᠷ ᠭᠠᠵᠠᠷ ᠰᠢᠷᠤᠢ᠂ ᠨᠤᠲᠤᠭ ᠪᠡᠯᠴᠢᠭᠡᠷ ᠢᠶᠡᠨ ᠡᠵᠡᠩᠨᠡᠵᠦ᠂ ᠮᠠᠯᠵᠢᠬᠤ ᠠᠮᠢᠳᠤᠷᠠᠯ ᠢᠶᠡᠨ ᠦᠷᠬᠦᠯᠵᠢᠯᠡᠭᠦᠯᠵᠦ ᠴᠢᠳᠠᠭᠰᠠᠨ ᠡᠴᠡ ᠮᠤᠡᠭᠭᠤᠯ ᠬᠡᠯᠡ ᠨᠢ ᠴᠤ ᠠᠵᠤ ᠠᠬᠤᠢ ᠶ᠋ᠢᠨ ᠰᠠᠭᠤᠷᠢ ᠲᠠᠢ᠂ ᠬᠡᠷᠡᠭᠯᠡᠭᠳᠡᠬᠦ ᠱᠠᠭᠠᠷᠳᠠᠯᠭ᠎ᠠ ᠲᠠᠢ ᠪᠤᠯᠵᠠᠢ᠃ ᠮᠠᠯᠵᠢᠬᠤ ᠰᠤᠶᠤᠯ ᠤᠨ ᠪᠦᠬᠦ ᠦᠭᠡ ᠨᠢ ᠬᠢᠳᠡᠳ ᠬᠡᠯᠡᠨ ᠳ᠋ᠤ ᠪᠦᠷ ᠬᠠᠷᠠᠭᠠᠯᠵᠠᠭᠰᠠᠨ ᠦᠭᠡ ᠪᠠᠶᠢᠬᠤ ᠦᠭᠡᠢ ᠨᠢ ᠯᠠᠪᠳᠠᠢ᠃ ᠬᠦᠢᠰᠦᠳᠦ ᠶ᠋ᠢᠨ ᠦᠷᠲᠡᠭᠡᠨ ᠤ ᠵᠠᠡᠭᠰᠢᠯ ᠤᠨ ᠬᠠᠤᠯᠢ ᠶ᠋ᠢᠨ ᠲᠠᠭᠠᠤ ᠬᠦᠮᠦᠰ ᠨᠢ ᠬᠠᠮᠳᠤᠷᠠᠨ ᠠᠵᠢᠯᠯᠠᠬᠤ ᠲᠤᠬᠢᠶᠠᠯ ᠲᠠᠢ ᠪᠤᠯᠵᠤ᠂ ᠬᠠᠮᠳᠤ ᠶ᠋ᠢᠨ ᠤᠬᠠᠮᠰᠠᠷ ᠨᠢ ᠪᠤᠯᠪᠠᠰᠤᠷᠠᠨ ᠲᠠᠷᠬᠠᠭᠠᠭᠳᠠᠵᠤ ᠬᠦᠮᠦᠰ ᠲᠤ ᠦᠪᠡᠷ ᠤᠨ ᠬᠡᠯᠡ ᠰᠤᠶᠤᠯ ᠢᠶᠡᠨ ᠬᠠᠶᠢᠷᠠᠯᠠᠬᠤ ᠬᠦᠮᠦᠵᠢᠯ ᠠᠶᠠᠨᠳᠠᠭᠠᠨ ᠦᠨᠳᠦᠰᠦ ᠬᠦᠨ ᠶᠠᠪᠤᠭᠳᠠᠵᠤ ᠪᠠᠶᠢᠬᠤ ᠶ᠋ᠢ ᠵᠢᠭᠠᠬᠠᠨ ᠬᠡᠤᠬᠡᠳ ᠤᠳ ᠬᠠᠳᠤᠯᠠᠡᠭ ᠲᠡᠭᠡᠷ᠎ᠡ ᠲᠤᠮᠤ ᠬᠦᠮᠦᠰ ᠢᠶᠡᠨ ᠲᠠᠭᠠᠨ ᠬᠦᠶᠦᠯᠴᠡᠵᠦ ᠪᠠᠶᠢᠬᠤ ᠪᠠ ᠨᠠᠮ᠎ᠠ ᠶ᠋ᠢ 2016 ᠤᠨ ᠤ ᠠᠷᠪᠠᠨ ᠰᠠᠷ᠎ᠠ ᠶ᠋ᠢᠨ ᠠᠮᠠᠷᠠᠯᠳᠠ ᠪᠡᠷ ᠵᠢᠯᠤᠭᠤᠳᠤᠭᠴᠢ ᠪᠠᠭᠰᠢ ᠲᠠᠢ ᠬᠦᠢᠰᠦᠳᠦ ᠶ᠋ᠢᠨ ᠦᠷᠲᠡᠭᠡᠨ ᠳ᠋ᠤ ᠬᠦᠷᠬᠦ ᠳ᠋ᠤ ᠬᠦᠢᠰᠦᠳᠦ ᠶ᠋ᠢᠨ ᠦᠷᠲᠡᠭᠡᠨ ᠤ ᠲᠡᠮᠦᠷᠸᠴᠢᠷ ᠭᠡᠳᠡᠭ ᠬᠦᠮᠦᠨ ᠤ ᠬᠦᠤ᠂ ᠪᠠᠶᠠᠷ ᠭᠡᠳᠡᠭ ᠵᠠᠯᠠᠭᠤ ᠤᠳᠤ ᠬᠡᠳᠦᠶᠢᠪᠡᠷ ᠬᠢᠳᠡᠳ ᠬᠡᠤᠬᠡᠨ ᠲᠠᠢ ᠬᠤᠷᠢᠮᠯᠠᠵᠤ ᠪᠡᠭᠡᠵᠢᠡᠭ ᠳ᠋ᠤ ᠰᠠᠭᠤᠷᠢᠰᠢᠨ ᠠᠮᠢᠳᠤᠷᠠᠵᠤ ᠪᠠᠶᠢᠬᠤ ᠪᠤᠯᠪᠠᠴᠤ ᠦᠬᠢᠨ ᠢᠶᠡᠨ ᠮᠤᠡᠭᠭᠤᠯ ᠪᠢᠴᠢᠭ᠌ ᠦᠵᠡᠭᠦᠯᠬᠦ ᠶ᠋ᠢᠨ ᠲᠦᠯᠦᠭᠡ ᠰᠢᠯᠢᠩᠬᠤᠳᠠ ᠳ᠋ᠤ ᠭᠡᠷ ᠲᠦᠷᠢᠶᠡᠰᠦᠯᠡᠨ ᠬᠠᠳᠠᠮ ᠠᠪᠤ ᠡᠵᠢ ᠪᠡᠷ ᠢᠶᠡᠨ ᠬᠡᠤᠬᠡᠳ ᠢᠶᠡᠨ ᠬᠠᠷᠠᠭᠤᠯᠤᠨ ᠰᠠᠭᠤᠯᠭᠠᠬᠤ ᠭᠡᠵᠦ ᠪᠠᠶᠢᠯ᠎ᠠ᠃ ᠬᠡᠷᠪᠡ ᠬᠡᠤᠬᠡᠳ ᠨᠢ ᠠᠪᠤ ᠡᠵᠢ ᠡᠴᠡ ᠪᠠᠨ ᠰᠠᠯᠤᠭᠠᠳ ᠰᠠᠭᠤᠵᠤ ᠲᠡᠶᠢᠯᠬᠦ ᠦᠭᠡᠢ ᠪᠤᠯ ᠶᠠᠭᠠᠬᠢᠬᠤ ᠪᠤᠢ ᠭᠡᠬᠦ ᠳ᠋ᠤ ᠲᠡᠷᠡ ᠪᠤᠯᠬᠤ ᠦᠭᠡᠢ ᠪᠤᠯ ᠨᠦᠬᠦᠷ ᠲᠠᠢ ᠪᠠᠨ ᠬᠤᠶᠠᠭᠤᠯᠠ ᠪᠠᠰᠠ ᠰᠢᠯᠢᠩᠬᠤᠳᠠ ᠳ᠋ᠤ ᠨᠡᠭᠦᠵᠦ ᠢᠷᠡᠨ᠎ᠡ ᠭᠡᠵᠦ ᠪᠠᠶᠢᠯ᠎ᠠ᠃ ᠡᠨᠡᠬᠦ ᠤᠴᠢᠷ ᠡᠴᠡ ᠪᠢᠳᠡ ᠪᠤᠳᠠᠳᠤ ᠠᠬᠤᠢ ᠶ᠋ᠢᠨ ᠰᠢᠬᠠᠮᠳᠠᠯᠭ᠎ᠠ ᠪᠡᠷ ᠦᠪᠡᠷᠰᠡᠳ ᠢᠶᠡᠨ ᠮᠤᠡᠭᠭᠤᠯ ᠰᠤᠷᠭᠠᠭᠤᠯᠢ ᠳ᠋ᠤ ᠤᠯᠵᠤ ᠰᠠᠭᠤᠭᠰᠠᠨ ᠦᠭᠡᠢ ᠴᠤ ᠤᠳᠤ ᠲᠡᠳᠡᠨᠤᠰ ᠦᠷ᠎ᠡ ᠬᠡᠤᠬᠡᠳ ᠲᠡᠭᠡᠨ ᠦᠪᠡᠷ ᠤᠨ ᠦᠨᠳᠦᠰᠦᠳᠡᠨ ᠤ ᠪᠠᠨ ᠬᠡᠯᠡ ᠰᠤᠶᠤᠯ ᠢ ᠤᠯᠠᠮᠵᠢᠯᠠᠭᠤᠯᠬᠤ ᠶ᠋ᠢᠨ ᠲᠦᠯᠦᠭᠡ ᠬᠢᠷᠢ ᠵᠡᠷᠭᠡ ᠬᠠᠳᠠᠭᠤ ᠰᠤᠡᠭᠭᠤᠯᠳᠠ ᠬᠢᠵᠦ ᠪᠠᠶᠢᠬᠤ ᠶ᠋ᠢ ᠮᠡᠳᠡᠵᠦ ᠪᠤᠯᠤᠨ᠎ᠠ᠃ ᠬᠦᠢᠰᠦᠳᠦ ᠶ᠋ᠢᠨ ᠦᠷᠲᠡᠭᠡᠨ ᠤ ᠵᠠᠡᠭᠰᠢᠯ ᠤᠨ ᠬᠠᠤᠯᠢ ᠨᠢ ᠦᠷᠲᠡᠭᠡᠨ ᠤ ᠮᠤᠡᠭᠭᠤᠯᠴᠤᠳ ᠤᠨ ᠬᠡᠯᠡ ᠰᠤᠶᠤᠯ ᠤᠨ ᠤᠯᠠᠮᠵᠢᠯᠠᠯ ᠳ᠋ᠤ ᠬᠢᠷᠢ ᠵᠡᠷᠭᠡ ᠦᠢᠯᠡᠳᠦᠯ ᠦᠵᠡᠭᠦᠯᠵᠦ ᠪᠠᠶᠢᠬᠤ ᠶ᠋ᠢ ᠴᠤ ᠲᠠᠮ ᠢᠶᠠᠷ ᠤᠶᠢᠯᠠᠭᠠᠵᠤ ᠪᠤᠯᠤᠨ᠎ᠠ᠃

ᠲᠦᠷᠪᠡ᠂ ᠮᠤᠡᠭᠭᠤᠯᠴᠤᠳ ᠤᠨ ᠵᠠᠡᠭᠰᠢᠯ ᠤᠨ ᠬᠠᠤᠯᠢ ᠨᠢ ᠦᠷ᠎ᠡ ᠬᠤᠶᠢᠴᠢᠰ ᠤᠨ ᠢᠶᠡᠨ ᠡᠷᠬᠡ ᠠᠰᠢᠭ ‍ᠢ ᠬᠠᠮᠠᠭᠠᠯᠠᠵᠦ᠂ ᠨᠦᠭᠡᠴᠡ ᠲᠠᠢ ᠬᠦᠭ᠍ᠵᠢᠬᠦ ᠶ᠋ᠢ ᠪᠠᠳᠤᠯᠠᠬᠤ ᠦᠢᠯᠡᠳᠦᠯ ᠲᠠᠢ᠃ ᠦᠷ᠎ᠡ ᠬᠤᠶᠢᠴᠢᠰ ᠤᠨ ᠡᠷᠬᠡ ᠠᠰᠢᠭ ᠢ ᠬᠠᠮᠠᠭᠠᠯᠠᠬᠤ ᠭᠡᠪᠡᠯ ᠶᠠᠷᠢᠶᠠᠨ ᠦᠭᠡᠢ ᠭᠠᠵᠠᠷ ᠲᠡᠯᠡᠬᠡᠢ ᠪᠠᠨ ᠬᠠᠮᠠᠭᠠᠯᠠᠬᠤ᠂ ᠤᠷᠴᠢᠨ ᠠᠬᠤᠢ ᠪᠠᠨ ᠬᠠᠮᠠᠭᠠᠯᠠᠬᠤ ᠤᠴᠢᠷ ᠬᠠᠮᠤᠭ ᠲᠦᠷᠦᠭᠦᠨ ᠳ᠋ᠤ ᠲᠤᠷᠠᠳᠤᠭᠳᠠᠨ᠎ᠠ᠃ ᠮᠤᠡᠭᠭᠤᠯᠴᠤᠳ ᠤᠨ ᠵᠠᠡᠭᠰᠢᠯ ᠳ᠋ᠤ ᠭᠠᠵᠠᠷ ᠰᠢᠷᠤᠢ᠂ ᠡᠬᠡ ᠪᠠᠶᠢᠭᠠᠯᠢ ᠪᠠᠨ ᠬᠠᠮᠠᠭᠠᠯᠠᠬᠤ ᠤᠬᠠᠮᠰᠠᠷ ᠬᠦᠨ ᠰᠢᠩᠭᠡᠭ᠍ᠰᠡᠨ ᠪᠦᠭᠡᠳ ᠬᠤᠵᠢᠮ ᠨᠢ ᠮᠤᠡᠭᠭᠤᠯ ᠤᠷᠤᠨ ᠳ᠋ᠤ ᠶᠡᠬᠡ ᠲᠡᠯᠭᠡᠷᠡᠭᠰᠡᠨ ᠰᠢᠷ᠎ᠠ ᠶ᠋ᠢᠨ ᠱᠠᠰᠢᠨ ᠨᠢ ᠴᠤ ᠪᠠᠶᠢᠭᠠᠯᠢ ᠲᠡᠯᠡᠬᠡᠢ ᠪᠠᠨ ᠡᠪᠳᠡᠵᠦ ᠬᠦᠨᠳᠡᠬᠦ ᠦᠭᠡᠢ ᠪᠦᠳᠦᠨ ᠪᠠᠶᠢᠯᠭᠠᠬᠤ ᠤᠳᠬ᠎ᠠ ᠰᠠᠨᠠᠭ᠎ᠠ ᠬᠦᠨ ᠪᠠᠶᠢᠳᠠᠭ ᠡᠴᠡ ᠮᠤᠡᠭᠭᠤᠯᠴᠤᠳ ᠤᠨ ᠦᠵᠡᠯ ᠤᠬᠠᠮᠰᠠᠷ ᠲᠤ ᠪᠠᠶᠢᠭᠠᠯᠢ ᠲᠡᠯᠡᠬᠡᠢ ᠪᠠᠨ ᠬᠠᠮᠠᠭᠠᠯᠠᠬᠤ ᠦᠵᠡᠯ ᠴᠢᠡᠭᠭ᠎ᠠ ᠪᠠᠶᠢᠳᠠᠭ᠃ ᠬᠦᠢᠰᠦᠳᠦ ᠶ᠋ᠢᠨ ᠦᠷᠲᠡᠭᠡᠨ ᠤ ᠮᠤᠡᠭᠭᠤᠯᠴᠤᠳ ᠴᠤ ᠪᠠᠶᠢᠭᠠᠯᠢ ᠲᠡᠯᠡᠬᠡᠢ ᠪᠠᠨ ᠬᠠᠮᠠᠭᠠᠯᠠᠬᠤ ᠦᠵᠡᠯ ᠴᠢᠡᠭᠭ᠎ᠠ ᠪᠠᠶᠢᠳᠠᠭ ᠨᠢ ᠠᠮᠢᠳᠤᠷᠠᠯ ᠨᠢ ᠬᠢᠷᠢ ᠵᠡᠷᠭᠡ ᠬᠦᠴᠢᠷᠳᠡᠢ ᠪᠠᠶᠢᠭᠰᠠᠨ ᠴᠤ ᠲᠡᠳᠡ ᠭᠠᠵᠠᠷ ᠢᠶᠡᠨ ᠶᠡᠬᠡ ᠪᠡᠷ ᠬᠠᠭᠠᠯᠪᠤᠷᠯᠠᠨ ᠪᠤᠰᠤᠳ ᠲᠤ ᠲᠦᠷᠢᠶᠡᠰᠦᠯᠡᠨ ᠦᠭᠴᠦ ᠮᠦᠩᠭᠦ ᠬᠤᠨᠵᠢᠭᠰᠠᠨ ᠦᠭᠡᠢ ᠪᠤᠳᠠᠳᠤ ᠶᠠᠪᠤᠳᠠᠯ ᠭᠡᠷᠡᠴᠢᠯᠡᠨ᠎ᠡ᠃ ᠭᠡᠬᠦ ᠳ᠋ᠡᠭᠡᠨ ᠮᠢᠨᠤ ᠬᠡᠯᠡᠵᠦ ᠪᠠᠶᠢᠭ᠎ᠠ ᠨᠢ ᠭᠠᠵᠠᠷ ᠬᠠᠭᠠᠪᠤᠷᠢᠯᠠᠬᠤ ᠨᠢ ᠪᠠᠶᠢᠭᠠᠯᠢ ᠶ᠋ᠢ ᠡᠪᠳᠡᠭᠰᠡᠨ ᠤᠴᠢᠷ ᠭᠡᠵᠦ ᠬᠡᠯᠡᠵᠦ ᠪᠠᠶᠢᠬᠤ ᠪᠢᠰᠢ᠂ ᠬᠠᠷᠢᠨ ᠵᠤᠬᠢᠰ ᠦᠭᠡᠢ ᠬᠠᠭᠠᠪᠤᠷᠢᠯᠠᠬᠤ ᠪᠤᠶᠤ ᠲᠠᠷᠢᠶᠠᠯᠠᠡᠭ ᠳ᠋ᠤ ᠡᠰᠡ ᠵᠤᠬᠢᠴᠠᠬᠤ ᠭᠠᠵᠠᠷ ᠢ ᠬᠠᠭᠠᠪᠤᠷᠢᠯᠠᠬᠤ ᠶ᠋ᠢ ᠵᠢᠭᠠᠵᠤ ᠪᠠᠶᠢᠨ᠎ᠠ᠃ ᠬᠦᠢᠰᠦᠳᠦ ᠶ᠋ᠢᠨ ᠦᠷᠲᠡᠭᠡᠨ ᠤ ᠬᠦᠮᠦᠰ ᠤᠨ ᠦᠷ᠎ᠡ ᠬᠤᠶᠢᠴᠢᠰ ᠤᠨ ᠢᠶᠡᠨ ᠡᠷᠬᠡ ᠠᠰᠢᠭ ᠢ ᠬᠠᠮᠠᠭᠠᠯᠠᠵᠤ ᠨᠦᠭᠡᠴᠡ ᠲᠠᠢ ᠬᠦᠭ᠍ᠵᠢᠬᠦ ᠤᠬᠠᠮᠰᠠᠷ ᠦᠨᠳᠦᠷ ᠪᠠᠶᠢᠬᠤ ᠨᠢ ᠲᠡᠳᠡᠨᠤᠰ ᠤᠨ ᠨᠠᠷᠠᠨ ᠤ ᠡᠨ᠋ᠸᠷᠬᠢ ᠶ᠋ᠢᠨ ᠴᠠᠬᠢᠯᠭᠠᠨ ᠭᠠᠷᠭᠠᠬᠤ ᠺᠤᠮᠫᠠᠨᠢ ᠶ᠋ᠢᠨ ᠭᠠᠵᠠᠷ ᠤᠨ ᠲᠦᠷᠢᠶᠡᠰᠦᠨ ᠮᠦᠩᠬᠦ ᠶ᠋ᠢ ᠲᠠᠪᠤᠨ ᠵᠢᠯ ᠪᠦᠷᠢ ᠳ᠋ᠤ ᠨᠢᠭᠡ ᠬᠤᠪᠢᠶᠠᠭᠰᠠᠨ ᠤᠴᠢᠷ ᠭᠡᠷᠡᠴᠢᠯᠡᠨ᠎ᠡ᠃ ᠡᠸᠯᠢᠨᠥᠸ ᠤᠰᠸᠲ᠋ᠷᠥᠮ︵ElinOstrom ︶ᠲᠡᠭᠦᠨ ᠤ 《ᠤᠯᠠᠨ ᠤ ᠤᠴᠢᠷ ᠢ ᠬᠠᠮᠢᠶᠠᠷᠬᠤ ᠠᠷᠭ᠎ᠠ ︱ ᠬᠠᠮᠳᠤ ᠶ᠋ᠢᠨ ᠠᠵᠢᠯᠯᠠᠭᠠᠨ ᠤ ᠲᠦᠷᠢᠮ ᠤᠨ ᠬᠦᠭ᠍ᠵᠢᠯ》ᠭᠡᠬᠦ ᠨᠤᠮ ᠳ᠋ᠠᠭᠠᠨ 《 ᠬᠤᠪᠢ ᠬᠦᠮᠦᠨ ᠨᠢ ᠢᠷᠡᠭᠡᠳᠦᠢ ᠶ᠋ᠢᠨ ᠤᠯᠵᠤ ᠮᠡᠳᠡᠬᠦ ᠠᠰᠢᠭ ᠲᠤ ᠲᠡᠶᠢᠮᠦ ᠢᠳᠡᠪᠬᠢᠳᠡᠢ ᠪᠠᠶᠢᠳᠠᠭ ᠪᠢᠰᠢ᠂ ᠬᠠᠷᠢᠨ ᠤᠶᠢᠷ᠎ᠠ ᠶ᠋ᠢᠨ ᠤᠯᠵᠤ ᠮᠡᠳᠡᠬᠦ ᠠᠰᠢᠭ ᠲᠤ ᠢᠳᠡᠪᠬᠢᠳᠡᠢ ᠪᠠᠶᠢᠳᠠᠭ᠃ ᠦᠭᠡᠷ᠎ᠡ ᠪᠡᠷ ᠬᠡᠯᠡᠪᠡᠯ ᠬᠤᠪᠢ ᠬᠦᠮᠦᠨ ᠬᠡᠷᠬᠢᠨ ᠢᠷᠡᠭᠡᠳᠦᠢ ᠶ᠋ᠢᠨ ᠠᠰᠢᠭ ᠢᠶᠡᠨ ᠪᠤᠳᠠᠳᠠᠶᠢᠵᠢᠭᠤᠯᠬᠤ ᠨᠢ ᠤᠯᠠᠨ ᠲᠠᠯ᠎ᠠ ᠶ᠋ᠢᠨ ᠨᠦᠯᠦᠭᠡ ᠶ᠋ᠢ ᠬᠦᠷᠳᠡᠳᠡᠭ᠃ ᠬᠤᠪᠢ ᠬᠦᠮᠦᠨ ᠦᠪᠡᠷᠲᠡᠭᠡᠨ ᠡᠨᠡᠬᠦ ᠠᠰᠢᠭ ᠢ ᠬᠦᠷᠳᠡᠬᠦ ᠶ᠋ᠢ ᠬᠦᠰᠡᠵᠦ ᠪᠠᠶᠢᠬᠤ ᠡᠰᠡᠬᠦ᠂ ᠬᠡᠤᠬᠡᠳ ᠠᠴᠢᠨᠠᠷ ᠲᠠᠭᠠᠨ ᠡᠨᠡᠬᠦ ᠢᠷᠡᠭᠡᠳᠦᠢ ᠶ᠋ᠢᠨ ᠠᠰᠢᠭ ᠢ ᠬᠦᠷᠳᠡᠭᠡᠬᠦ ᠶ᠋ᠢ ᠬᠦᠰᠡᠵᠦ ᠪᠠᠶᠢᠬᠤ ᠡᠰᠡᠬᠦ ᠵᠢᠴᠢ ᠤᠳᠤᠬᠠᠨ ᠤ ᠪᠠᠶᠢᠳᠠᠯ ᠳ᠋ᠤ ᠲᠡᠷᠡ ᠪᠡᠯᠡ ᠤᠷᠤᠭᠤᠯᠤᠯᠳᠠ ᠬᠢᠵᠤ ᠨᠡᠡᠭ ᠬᠤᠷᠳᠤᠨ ᠠᠰᠢᠭ ᠤᠯᠵᠤ ᠲᠡᠶᠢᠯᠬᠦ ᠡᠰᠡᠬᠦ ᠨᠢ ᠪᠦᠷ ᠲᠡᠳᠡᠨᠤᠰ ᠠᠰᠠᠭᠤᠳᠠᠯ ᠢ ᠪᠤᠳᠤᠯᠬᠢᠯᠠᠬᠤ ᠦᠶᠡᠰ ᠴᠠᠭ ᠤᠨ ᠲᠠᠯ᠎ᠠ ᠪᠡᠷ ᠬᠢ ᠪᠤᠳᠤᠯᠬᠢᠯᠠᠯ ᠢ ᠨᠦᠯᠦᠭᠡᠯᠡᠵᠦ ᠪᠠᠶᠢᠨ᠎ᠠ〔8〕》 ᠭᠡᠵᠦ ᠦᠵᠡᠵᠡᠢ᠃ ᠬᠦᠢᠰᠦᠳᠦ ᠶ᠋ᠢᠨ ᠦᠷᠲᠡᠭᠡᠨ ᠤ ᠬᠦᠮᠦᠰ ᠤᠨ ᠬᠤᠪᠢ ᠳ᠋ᠤ ᠵᠠᠷᠢᠮ ᠠᠶᠢᠯ ᠨᠢ ᠬᠤᠷᠢᠨ ᠲᠠᠪᠤᠨ ᠵᠢᠯ ᠳ᠋ᠤ ᠭᠡᠷ ᠲᠤᠨᠢ ᠰᠢᠨ᠎ᠡ ᠬᠡᠰᠢᠭᠦᠨ ᠨᠡᠮᠡᠭᠳᠡᠬᠦ ᠪᠤᠯᠤᠯᠴᠠᠭ᠎ᠠ ᠪᠠᠭ᠎ᠠ ᠲᠠᠢ ᠪᠠᠶᠢᠭᠰᠠᠨ ᠴᠤ ᠲᠡᠳᠡᠨᠤᠰ  ᠲᠤ ᠲᠦᠷᠢᠶᠡᠰᠦᠨ ᠮᠦᠩᠬᠦ ᠬᠤᠪᠢᠶᠠᠬᠤ ᠰᠢᠭ ᠠᠰᠢᠭ ᠬᠤᠪᠢᠶᠠᠬᠤ ᠤᠴᠢᠷ ᠬᠤᠵᠢᠮ ᠪᠠᠰᠠ ᠡᠭᠦᠰᠴᠦ ᠮᠡᠳᠡᠬᠦ ᠪᠤᠯᠬᠤᠷ ᠲᠡᠳᠡᠨᠤᠰ ᠦᠷ᠎ᠡ ᠬᠡᠤᠬᠡᠳ ᠤᠨ ᠢᠶᠡᠨ ᠦᠷ᠎ᠡ ᠠᠰᠢᠭ ᠢ ᠪᠠᠳᠤᠯᠠᠬᠤ ᠰᠤᠡᠭᠭᠤᠯᠳᠠ ᠶ᠋ᠢ ᠰᠤᠡᠭᠭᠤᠵᠠᠢ᠃ ᠲᠡᠳᠡᠨᠤᠰ ᠤᠨ ᠡᠨᠡᠬᠦ ᠰᠤᠡᠭᠭᠤᠯᠳᠠ ᠶ᠋ᠢᠨ ᠠᠷᠤ ᠳ᠋ᠤ 《ᠨᠠᠰᠤᠳᠠᠶᠢᠴᠤᠳ ᠨᠢ ᠬᠡᠤᠬᠡᠳ ᠤᠨ ᠬᠦᠷᠦᠩᠭᠡ ᠶ᠋ᠢ ᠢᠳᠡᠵᠦ ᠪᠤᠯᠬᠤ ᠦᠭᠡᠢ》ᠭᠡᠳᠡᠭ ᠲᠦᠭᠦᠮᠬᠡᠨ ᠮᠦᠷᠲᠡᠭᠡᠨ ᠤᠳᠬ᠎ᠠ ᠬᠦᠨ ᠯᠤᠭᠢᠭ ᠨᠢᠭᠤᠭᠳᠠᠵᠤ ᠪᠠᠶᠢᠬᠤ ᠨᠢ ᠤᠳᠤ ᠶ᠋ᠢᠨ ᠬᠦᠮᠦᠰ ᠤᠨ ᠬᠦᠭ᠍ᠵᠢᠯᠳᠡ ᠪᠤᠯᠤᠨ ᠠᠵᠤ ᠠᠬᠤᠢ ᠶ᠋ᠢᠨ ᠠᠰᠢᠭ ᠲᠤᠰᠠ ᠶ᠋ᠢ ᠦᠷᠦᠭᠡᠰᠦᠯ ᠬᠦᠭᠡᠭᠡᠴᠡᠯᠳᠦᠬᠦ ᠶᠠᠪᠤᠴᠠ ᠳ᠋ᠠᠭᠠᠨ ᠪᠤᠳᠤᠯᠬᠢᠯᠠᠭᠤᠰᠢᠳᠠᠢ ᠠᠰᠠᠭᠤᠳᠠᠯ ᠪᠤᠯᠤᠨ᠎ᠠ᠃



  
   2018-06-03 16:53
   230 
    45 
    
0
  



   
 
     
             
   13847635928   qinggis@163.com
           sorqin@sorqin.com
 ICP   12001629  
    15042102000103  