613496
5197
2015-12-13
2019-12-06
5233
wawula
133****8752
QQ
weixin
www.qinggis.net/wawula
【 】
ᠮᠠᠯᠴᠢᠨ ᠵᠠᠯᠠᠭᠤ ᠭᠤᠨᠴᠤᠭᠰᠦ᠋ᠷᠦᠩ ᠬᠢᠨᠢᠰ ᠤᠨ ᠲᠡᠮᠳᠡᠭᠯᠡᠯ ᠢ ᠰᠢᠨᠡᠳᠭᠡᠯᠠ
11 ᠰᠠᠷ᠎ᠠ ᠶᠢᠨ 26 ᠤ ᠡᠳᠤᠷ ᠤᠨ 11 ᠴᠠᠭ ᠲᠤ᠂ ᠠᠯᠠᠱᠠ ᠪᠠᠷᠠᠭᠤᠨ ᠬᠤᠰᠢᠭᠤᠨ ᠤ ᠠᠯᠳᠠᠨᠴᠤᠭ ᠰᠤᠮᠤ ᠶᠢᠨ ᠮᠠᠯᠴᠢᠨ ᠵᠠᠯᠠᠭᠤ ᠭᠤᠨᠴᠤᠭᠰᠦ᠋ᠷᠦᠩ ᠲᠠᠯᠠᠬᠡᠢ ᠶᠢᠨ ᠬᠠᠮᠤᠭ ᠤᠨ ᠦᠨᠳᠤᠷ ᠡᠯᠡᠰᠦᠨ ᠴᠤᠬᠢᠶ᠎ᠠ ᠪᠤᠯᠬᠤ ᠪᠠᠳᠠᠢ ᠶᠢᠨ ᠵᠢᠷᠠᠨ ᠤ ᠦᠷᠦᠴᠡᠨ ᠳᠠᠬᠢ ᠪᠢᠯᠡᠬᠦᠳᠤ ᠶᠢᠨ ᠤᠷᠤᠢ ᠶᠢ ᠮᠤᠲ᠋ᠤᠷ ᠲᠡᠷᠭᠡ ᠪᠠᠷ 2 ᠮᠢᠨᠦ᠋ᠲ 11 ᠰᠧᠺᠦ᠋ᠨ᠋ᠳ᠋ ᠤᠨ ᠲᠤᠳᠤᠷ᠎ᠠ ᠲᠠᠪᠠᠵᠤ᠂ ᠲᠡᠯᠡᠬᠡᠢ ᠶᠢᠨ ᠬᠢᠨᠢᠰ ᠤᠨ ᠲᠡᠮᠳᠡᠭᠯᠡᠯ ᠢ ᠰᠢᠨᠡᠳᠭᠡᠯᠠ᠃
2009 ᠤᠨ ᠤ 9 ᠰᠠᠷ᠎ᠠ ᠶᠢᠨ 23 ᠤ ᠡᠳᠤᠷ᠂ ᠠᠯᠠᠱᠠ ᠪᠠᠷᠠᠭᠤᠨ ᠬᠤᠰᠢᠭᠤᠨ ᠤ ᠮᠠᠯᠴᠢᠨ ᠲᠤᠤ ᠶᠦᠩ ᠮᠢᠩ ᠮᠤᠲ᠋ᠤᠷ ᠲᠡᠷᠭᠡ ᠪᠠᠷ 6 ᠮᠢᠨᠦ᠋ᠲ 2 ᠰᠧᠺᠦ᠋ᠨ᠋ᠳ᠋ ᠤᠨ ᠬᠤᠭᠤᠴᠠᠭ᠎ᠠ ᠪᠠᠷ ᠪᠢᠯᠡᠬᠦᠳᠤ ᠶᠢᠨ ᠤᠷᠤᠢ ᠶᠢ ᠲᠠᠪᠠᠵᠤ᠂ ᠬᠢᠨᠢᠰ ᠤᠨ ᠲᠡᠮᠳᠡᠭᠯᠡᠯ ᠳᠤ ᠨᠡᠷ᠎ᠠ ᠪᠠᠨ ᠪᠦᠷᠢᠳᠭᠡᠬᠦᠯᠦᠭᠰᠡᠨ ᠪᠤᠯ 10 ᠵᠢᠯ ᠤᠨ ᠲᠠᠷᠠᠭ᠎ᠠ ᠭᠤᠨᠴᠤᠭᠰᠦ᠋ᠷᠦᠩ 2 ᠮᠢᠨᠦ᠋ᠲ 11 ᠰᠧᠺᠦ᠋ᠨ᠋ᠳ᠋ ᠤᠨ ᠲᠤᠳᠤᠷ᠎ᠠ ᠪᠢᠯᠡᠬᠦᠳᠤ ᠶᠢᠨ ᠤᠷᠤᠢ ᠶᠢ ᠲᠠᠪᠠᠵᠤ ᠤᠤᠯ ᠳᠡᠮᠳᠡᠭᠯᠡᠯ ᠢ ᠰᠢᠨᠡᠳᠭᠡᠭᠰᠡᠨ ᠪᠠᠶᠢᠨ᠎ᠠ᠃ ᠳᠤᠬᠠᠢ ᠶᠢᠨ ᠳᠠᠯᠠᠪᠠᠢ ᠳᠤ ᠲᠡᠯᠡᠬᠡᠢ ᠶᠢᠨ ᠬᠢᠨᠢᠰ ᠤᠨ ᠲᠡᠮᠳᠡᠭᠯᠡᠯ ᠤᠨ ᠬᠠᠷᠢᠭᠤᠴᠠᠯᠭᠠᠳᠠᠨ ᠵᠠᠩ ᠱᠤᠤ ᠫᠧᠩ ᠭᠤᠨᠴᠤᠭᠰᠦ᠋ᠷᠦᠩ ᠳᠤ ᠲᠡᠯᠡᠬᠡᠢ ᠶᠢᠨ ᠬᠢᠨᠢᠰ ᠤᠨ ᠲᠡᠮᠳᠡᠭᠯᠡᠯ ᠢ ᠰᠢᠨᠡᠳᠭᠡᠭᠰᠡᠨ ᠦᠨᠡᠮᠯᠡᠯ ᠭᠠᠷᠳᠠᠭᠤᠯᠪᠠ᠃ ︽ᠡᠯᠡᠰᠦᠨ ᠴᠦᠯ ᠤᠨ ᠵᠦᠮᠤᠯᠠᠩᠮᠠ︾ ᠬᠡᠮᠡᠭᠳᠡᠭᠰᠡᠨ ᠪᠠᠳᠠᠢ ᠶᠢᠨ ᠵᠢᠷᠠᠨ ᠤ ᠪᠢᠯᠡᠬᠦᠳᠦ ᠶᠢᠨ ᠤᠷᠤᠢ ᠨᠢ ᠲᠠᠯᠠᠢ ᠶᠢᠨ ᠲᠦᠪᠰᠢᠨ ᠠᠴᠠ 1611 ᠮᠧᠲᠷ ᠡᠷᠬᠦᠭᠳᠡᠵᠤ᠂ ᠰᠠᠬᠠᠷᠠ ᠡᠯᠡᠰᠦᠨ ᠴᠦᠯ ᠤᠨ ᠡᠯᠡᠰᠦᠨ ᠴᠤᠬᠢᠶ᠎ᠠ ᠠᠴᠠ ᠪᠠᠰᠠ 70 ᠭᠠᠷᠤᠢ ᠮᠧᠲᠷ ᠦᠨᠳᠤᠷ ᠪᠠᠶᠢᠳᠠᠭ᠃ 1995 ᠤᠨ ᠳᠤ ᠲᠦᠷᠦᠭᠰᠡᠨ ᠭᠤᠨᠴᠤᠭᠰᠦ᠋ᠷᠦᠩ ᠤᠳᠤᠬᠠᠨ ᠪᠤᠯᠳᠠᠯ᠎ᠠ 53 ᠲᠠᠯᠠᠪᠡᠢ ᠮᠤᠲ᠋ᠤᠷ ᠲᠡᠷᠭᠡ ᠶᠢᠨ ᠤᠷᠤᠯᠳᠤᠭᠠᠨ ᠳᠤ ᠤᠷᠤᠯᠴᠠᠵᠤ᠂ ᠪᠦᠬᠦ ᠤᠯᠤᠰ ᠤᠨ ᠬᠡᠪᠴᠢᠶ᠎ᠠ ᠲᠠᠢ ᠮᠤᠲ᠋ᠤᠷ ᠲᠡᠷᠭᠡᠨ ᠤ ᠮᠠᠩᠯᠠᠢ ᠰᠢᠯᠭᠠᠷᠠᠭᠤᠯᠬᠤ ᠤᠷᠤᠯᠳᠤᠭᠠᠨ ᠤ ᠲᠠᠪᠤᠳᠤᠭᠠᠷ ᠨᠡᠷ᠎ᠠ ᠳᠤ ᠤᠷᠤᠭᠰᠠᠨ ᠰᠢᠯᠢᠳᠡᠭ ᠰᠠᠶᠢᠨ ᠬᠢᠷᠢ ᠪᠦᠲᠦᠮᠵᠢ ᠲᠠᠢ ᠪᠦᠭᠡᠳ ᠤᠷᠤᠨ ᠤ ᠲᠡᠰ ᠤᠨ ᠤᠷᠤᠯᠳᠤᠭᠠᠨ ᠳᠤ 22 ᠤᠳᠠᠭ᠎ᠠ ᠮᠠᠩᠯᠠᠶᠢᠯᠠᠵᠠᠢ᠃ ᠵᠣᠬᠢᠶᠠᠭᠴᠢ᠄ ᠮᠡᠷᠭᠡᠨᠪᠢᠯᠢᠭ ᠰᠠᠷᠭᠠᠢ ᠠᠯᠳᠠᠨᠯᠤᠤ ᠶᠠᠩ ᠰᠡᠴᠡᠨ
2019-7-1 200
×
2019-11-27 20:35
346
101
ᠮᠠᠯᠴᠢᠨ ᠵᠠᠯᠠᠭᠤ ᠭᠤᠨᠴᠤᠭᠰᠦ᠋ᠷᠦᠩ ᠬᠢᠨᠢᠰ ᠤᠨ ᠲᠡᠮᠳᠡᠭᠯᠡᠯ ᠢ ᠰᠢᠨᠡᠳᠭᠡᠯᠠ
xin
13847635928 qinggis@163.com
sorqin@sorqin.com
ICP 12001629
15042102000103