ᠳᠠᠯᠠᠨᠪᠠᠶᠠᠷ
ᠰᠢᠨᠵᠢᠯᠡᠭᠡ ᠮᠡᠷᠭᠡᠵᠢᠯ᠂ ᠰᠤᠷᠠᠭ ᠵᠠᠩᠭᠢ᠂ ᠮᠡᠳᠡᠯᠭᠡ ᠶᠢᠨ ᠠᠵᠤ
ᠠᠬᠤᠢ ᠳᠤ ᠲᠤᠯᠭᠠᠭᠤᠷᠢᠯᠠᠵᠤ ᠰᠠᠭᠤᠷᠢᠯᠠᠬᠤ ᠨᠢ ᠣᠳᠣᠬᠢ ᠨᠡᠢᠭᠡᠮ ᠦᠨ ᠨᠢᠭᠡ ᠶᠡᠬᠡ ᠣᠨᠴᠠᠯᠢᠭ ᠪᠦᠭᠡᠳ
ᠥᠷᠢᠰᠥᠯᠳᠦᠬᠦ ᠭᠣᠣᠯ ᠳᠠᠪᠴᠠᠩ ᠪᠣᠯᠵᠤ ᠪᠤᠢ᠃ ᠥᠭᠡᠷ᠎ᠡ ᠪᠡᠷ ᠬᠡᠯᠡᠪᠡᠯ ᠬᠡᠨ ᠰᠤᠷᠠᠭ ᠵᠠᠩᠭᠢ ᠶᠢ
ᠴᠢᠳᠠᠮᠠᠭᠠᠢ ᠠᠰᠢᠭᠯᠠᠵᠤ᠂ ᠮᠡᠳᠡᠯᠭᠡ ᠶᠢᠨ ᠠᠵᠤ ᠠᠬᠤᠢ ᠶᠢᠨ ᠲᠠᠯ᠎ᠠ ᠪᠠᠷ ᠬᠢ ᠣᠶᠣᠨ ᠤ ᠬᠤᠷᠠᠮᠳᠤᠭᠤᠯᠭ᠎ᠠ
ᠪᠠᠶᠠᠯᠢᠭ ᠪᠠᠢᠪᠠᠯ ᠲᠡᠷᠡ ᠨᠢ ᠥᠷᠢᠰᠥᠯᠳᠦᠭᠡᠨ ᠦ ᠨᠣᠶᠠᠯᠠᠭᠴᠢ ᠪᠠᠢᠷᠢ ᠶᠢ ᠡᠵᠡᠯᠡᠬᠦ ᠪᠣᠯᠣᠨ᠎ᠠ᠃
ᠶᠠᠭ ᠡᠢᠮᠦ ᠡᠴᠡ ᠤᠯᠤᠰ ᠦᠨᠳᠦᠰᠦᠲᠡᠨ ᠦ ᠢᠷᠡᠭᠡᠳᠦᠢ᠂ ᠦᠢᠯᠡᠰ ᠦᠨ
ᠡᠵᠡᠨ ᠮᠣᠩᠭᠣᠯ ᠵᠠᠯᠠᠭᠤᠴᠤᠳ ᠤᠨ ᠢᠶᠠᠨ ᠥᠪᠡᠷ ᠦᠨ ᠭᠡᠬᠦ ᠦᠢᠯᠡᠰ
ᠮᠥᠷ ᠢᠶᠡᠨ ᠬᠢᠷᠢ ᠵᠡᠷᠭᠡ ᠳᠤᠷᠠᠢᠯᠭᠠᠨ ᠪᠠᠢᠬᠤ ᠶᠢ ᠦᠵᠡᠬᠦ ᠳᠦ ᠪᠢᠳᠡ ᠶᠠᠭᠤᠨ ᠤ ᠤᠷᠢᠳ ᠮᠣᠩᠭᠣᠯ
ᠵᠠᠯᠠᠭᠤᠴᠤᠳ ᠢᠶᠠᠨ ᠵᠥᠪ ᠣᠢᠯᠠᠭᠠᠬᠤ ᠨᠢ ᠲᠤᠩ ᠶᠡᠬᠡ ᠪᠣᠳᠠᠲᠤ ᠠᠴᠢ ᠬᠣᠯᠪᠤᠭᠳᠠᠯ ᠲᠠᠢ ᠶᠤᠮ᠃ ᠡᠨᠡ
ᠲᠠᠯ᠎ᠠ ᠪᠠᠷ ᠮᠠᠨ ᠤ ᠮᠣᠩᠭᠣᠯ ᠵᠠᠯᠠᠭᠤᠴᠤᠳ ᠥᠪᠡᠷ ᠦᠨ ᠪᠡᠶ᠎ᠡ ᠳᠦ ᠪᠡᠨ ᠭᠦᠨᠵᠡᠭᠡᠢ ᠵᠠᠳᠠᠯᠤᠯᠲᠠ ᠬᠢᠵᠦ᠂
ᠳᠠᠪᠠᠭᠤᠯᠢᠭ ᠪᠠ ᠳᠤᠲᠠᠭᠳᠠᠯ ᠲᠠᠢ ᠲᠠᠯ᠎ᠠ ᠪᠠᠨ ᠡᠷᠬᠡᠪᠰᠢ ᠣᠯᠵᠤ ᠬᠠᠷᠠᠭᠰᠠᠨ ᠪᠠᠢᠬᠤ ᠬᠡᠷᠡᠭᠲᠡᠢ᠃ ᠮᠠᠨ ᠤ
ᠵᠠᠯᠠᠭᠤᠴᠤᠳ ᠤᠨ ᠪᠡᠶ᠎ᠡ ᠳᠡᠭᠡᠷ᠎ᠡ ᠮᠡᠳᠡᠯᠭᠡ ᠴᠢᠳᠠᠪᠤᠷᠢ ᠶᠢᠨ ᠬᠢᠷᠢ ᠬᠡᠮ ᠳᠣᠣᠷ᠎ᠠ᠂ ᠴᠠᠭ ᠲᠣᠬᠢᠶᠠᠯ ᠢ
ᠡᠵᠡᠮᠳᠠᠵᠦ ᠴᠢᠳᠠᠬᠤ ᠦᠭᠡᠢ᠂ ᠶᠠᠮᠠᠷ ᠨᠢᠭᠡ ᠠᠵᠢᠯ ᠢ ᠲᠤᠢᠯᠪᠤᠷᠢᠲᠠᠢ ᠬᠢᠬᠦ ᠬᠠᠷᠠᠯᠲᠠ ᠵᠣᠷᠢᠯᠲᠠ
ᠪᠠᠯᠠᠷᠬᠠᠢ᠂ ᠥᠪᠡᠷ ᠢ ᠪᠡᠨ ᠵᠠᠳᠠᠯᠤᠨ ᠠᠰᠠᠭᠤᠳᠠᠯ ᠢ ᠰᠡᠷᠡᠵᠦ ᠮᠡᠳᠡᠬᠦ ᠲᠠᠯ᠎ᠠ ᠶᠢᠨ ᠴᠢᠳᠠᠪᠤᠷᠢ ᠮᠡᠭᠦᠰ᠂
ᠦᠢᠯᠡᠰ ᠪᠣᠰᠬᠠᠬᠤ ᠵᠣᠷᠢᠭ ᠰᠦᠰᠦ ᠪᠠᠷᠤᠭᠲᠠᠢ᠂ ᠥᠪᠡᠷ ᠦᠨ ᠪᠡᠶ᠎ᠡ ᠪᠠ ᠡᠷᠦᠬᠡ ᠭᠡᠷ᠂ ᠡᠴᠢᠭᠡ ᠡᠬᠡ
ᠴᠢᠨᠠᠭᠰᠢᠯᠠᠪᠠᠯ ᠤᠯᠤᠰ ᠦᠨᠳᠦᠰᠦᠲᠡᠨ ᠳᠦ ᠪᠡᠨ ᠬᠠᠷᠢᠭᠤᠴᠠᠬᠤ ᠦᠵᠡᠯᠲᠡ ᠲᠠᠨᠢᠯᠲᠠ ᠳᠤᠲᠠᠮᠠᠭ ᠵᠡᠷᠭᠡ ᠡᠳᠦᠢ
ᠲᠡᠳᠦᠢ ᠠᠰᠠᠭᠤᠳᠠᠯ ᠣᠷᠣᠰᠢᠵᠤ ᠪᠤᠢ᠃ ᠭᠡᠪᠡᠴᠦ ᠪᠢᠳᠡ ᠵᠠᠯᠠᠭᠤᠴᠤᠳ ᠲᠤ ᠪᠠᠨ ᠬᠡᠳᠦ ᠲᠤᠢᠯᠰᠢᠷᠠᠬᠤ
ᠦᠵᠡᠯᠲᠡ ᠪᠡᠷ ᠬᠠᠨᠳᠤᠵᠤ ᠶᠠᠭᠠᠬᠢᠭᠰᠠᠨ ᠴᠤ ᠪᠣᠯᠬᠤ ᠦᠭᠡᠢ ᠶᠤᠮ᠃ ᠬᠠᠷᠢᠨ ᠠᠰᠠᠭᠤᠳᠠᠯ ᠢ ᠪᠦᠬᠦ
ᠴᠣᠭᠴᠠ ᠶᠢᠨ ᠲᠠᠯ᠎ᠠ ᠠᠴᠠ ᠰᠠᠢᠲᠤᠷ ᠪᠣᠳᠣᠯᠬᠢᠯᠠᠨ᠂ ᠵᠥᠪ ᠢᠶᠡᠷ ᠵᠢᠱᠢᠭᠰᠡᠨ ᠪᠠᠢᠬᠤ ᠬᠡᠷᠡᠭᠲᠡᠢ᠃ ᠶᠡᠷᠦ
ᠨᠢ ᠲᠡᠦᠬᠡᠨ ᠡᠴᠡ ᠠᠪᠤᠭᠠᠳ ᠮᠣᠩᠭᠣᠯᠴᠤᠳ ᠤᠨ ᠳᠣᠲᠤᠷ᠎ᠠ ᠨᠡᠢᠭᠡᠮ ᠦᠨ ᠰᠢᠨᠵᠢᠯᠡᠬᠦ ᠤᠬᠠᠭᠠᠨ ᠪᠠ
ᠪᠠᠢᠭᠠᠯᠢ ᠶᠢᠨ ᠰᠢᠨᠵᠢᠯᠡᠬᠦ ᠤᠬᠠᠭᠠᠨ ᠤ ᠲᠠᠯ᠎ᠠ ᠶᠢᠨ ᠡᠷᠳᠡᠮᠲᠡᠨ ᠮᠡᠷᠭᠡᠳ ᠠᠯᠢ ᠣᠯᠠᠨ ᠴᠣᠯᠭᠤᠷᠠᠨ
ᠭᠠᠷᠴᠤ᠂ ᠣᠳᠣ ᠴᠤ ᠭᠡᠰᠡᠨ ᠤᠯᠤᠰ ᠳᠣᠲᠤᠨ᠎ᠠ ᠭᠠᠳᠠᠨᠠᠬᠢ ᠨᠡᠷ᠎ᠡ ᠠᠯᠳᠠᠷ ᠮᠠᠨᠳᠤᠭᠰᠠᠨ ᠮᠣᠩᠭᠣᠯᠴᠢ ᠡᠷᠳᠡᠮᠲᠡᠨ
ᠥᠰᠦᠭᠡᠢ ᠵᠠᠯᠭᠠᠨ ᠮᠡᠨᠳᠦᠯᠡᠵᠦ᠂ ᠵᠤᠯᠭᠠᠷᠠᠳᠠᠭ ᠦᠭᠡᠢ ᠴᠡᠴᠡᠭ ᠠᠳᠠᠯᠢ ᠪᠢᠰᠢᠭᠦᠢ ᠣᠯᠠᠨ ᠮᠡᠨᠳᠦᠯᠡᠵᠦ
ᠪᠠᠢᠬᠤ ᠶᠢ ᠬᠠᠷᠠᠵᠤ ᠦᠵᠡᠨ ᠰᠣᠨᠣᠰᠤᠨ ᠳᠤᠭᠤᠯᠬᠤ ᠳᠤ ᠥᠪᠡᠷ ᠦᠨ ᠡᠷᠬᠡ ᠦᠭᠡᠢ ᠣᠮᠣᠭᠰᠢᠯ ᠲᠥᠷᠥᠭᠳᠠᠬᠦ
ᠶᠤᠮ᠃ ᠡᠨᠡ ᠨᠢ ᠴᠥᠭᠡᠨ ᠲᠣᠭᠠᠲᠤ ᠦᠨᠳᠦᠰᠦᠲᠡᠨ ᠳᠦ ᠠᠪᠴᠤ ᠬᠡᠯᠡᠪᠡᠯ ᠲᠡᠢᠮᠦ ᠴᠤ ᠬᠢᠯᠪᠡᠷ ᠤᠴᠢᠷ ᠪᠢᠰᠢ
ᠮᠥᠷᠲᠡᠭᠡᠨ ᠤᠯᠤᠰ ᠦᠨᠳᠦᠰᠦᠲᠡᠨ ᠦ ᠪᠡᠨ ᠬᠥᠭᠵᠢᠯ ᠮᠠᠨᠳᠤᠯ ᠤᠨ ᠠᠤᠭ᠎ᠠ ᠦᠢᠯᠡᠰ ᠲᠦ ᠬᠦᠴᠦᠨ ᠴᠢᠳᠠᠯ ᠢᠶᠠᠨ
ᠡᠷᠭᠦᠵᠦ ᠪᠠᠢᠬᠤ ᠪᠠᠶᠠᠷᠯᠠᠭᠤᠰᠢᠲᠠᠢ ᠶᠠᠪᠤᠳᠠᠯ ᠪᠣᠯᠬᠤ ᠶᠤᠮ᠃
ᠮᠣᠩᠭᠣᠯ ᠵᠠᠯᠠᠭᠤᠴᠤᠳ ᠤᠨ ᠬᠤᠪᠢ ᠳᠤ ᠠᠪᠴᠤ ᠬᠡᠯᠡᠪᠡᠯ᠂ ᠦᠢᠯᠡᠰ
ᠪᠣᠰᠬᠠᠬᠤ ᠳᠤ ᠡᠳᠦᠢ ᠲᠡᠳᠦᠢ ᠬᠦᠴᠢᠷ ᠪᠡᠷᠬᠡ ᠠᠰᠠᠭᠤᠳᠠᠯ ᠲᠤᠯᠭᠠᠷᠠᠬᠤ ᠨᠢ ᠶᠠᠷᠢᠶᠠᠨ ᠦᠭᠡᠢ᠂ ᠬᠠᠮᠤᠭ ᠤᠨ
ᠨᠠᠭᠠᠲᠤ ᠵᠠᠬ᠎ᠠ ᠨᠢ ᠬᠡᠯᠡ ᠶᠠᠷᠢᠶᠡᠨ ᠤ ᠪᠣᠭᠤᠮᠲᠠ ᠬᠠᠷᠰᠢ ᠶᠢ ᠢᠯᠡᠨ ᠳᠠᠪᠠᠬᠤ ᠳᠤ ᠴᠤ ᠭᠡᠰᠡᠨ
ᠪᠤᠰᠤᠳ ᠠᠴᠠ ᠢᠯᠡᠭᠦᠦ ᠬᠦᠴᠦ ᠬᠥᠯᠥᠰᠦ ᠤᠷᠤᠰᠬᠠᠬᠤ ᠴᠢᠬᠤᠯᠠ ᠲᠠᠢ ᠪᠠᠢᠳᠠᠭ᠃ ᠭᠡᠪᠡᠴᠦ ᠡᠨᠡ ᠨᠢ ᠣᠳᠣ
ᠲᠡᠳᠡᠨ ᠳᠦ ᠠᠶᠤᠵᠤ ᠰᠠᠨᠳᠤᠷᠤᠮᠠᠷ ᠤᠴᠢᠷ ᠶᠠᠪᠤᠳᠠᠯ ᠪᠢᠰᠢ ᠪᠤᠯᠤᠭᠰᠠᠨ ᠨᠢ ᠢᠯᠡᠷᠬᠡᠢ᠃
ᠡᠢᠮᠦ ᠡᠴᠡ ᠪᠢᠳᠡ᠂ ᠮᠣᠩᠭᠣᠯ ᠵᠠᠯᠠᠭᠤᠴᠤᠳ ᠢᠶᠠᠨ ᠵᠥᠪ ᠣᠢᠯᠠᠭᠠᠨ
ᠪᠠᠢᠩᠭᠤ ᠤᠷᠮ᠎ᠠ ᠬᠠᠢᠷᠠᠯᠠᠵᠤ ᠶᠠᠪᠤᠶ᠎ᠠ︕ ᠮᠣᠩᠭᠣᠯ ᠵᠠᠯᠠᠭᠤᠴᠤᠳ ᠮᠠᠨᠢ ᠴᠤ ᠭᠡᠰᠡᠨ ᠥᠪᠡᠷ ᠦᠨ ᠪᠡᠶ᠎ᠡ ᠳᠦ
ᠤᠷᠮ᠎ᠠ ᠵᠣᠷᠢᠭ ᠲᠡᠭᠦᠯᠳᠡᠷ ᠪᠠᠢᠵᠤ᠂ ᠶᠠᠮᠠᠷ ᠴᠤ ᠬᠠᠲᠠᠭᠤ ᠪᠡᠷᠬᠡ ᠣᠷᠴᠢᠨ ᠲᠣᠭᠣᠷᠢᠨ ᠳᠤ ᠬᠥᠯ ᠲᠤᠭᠲᠠᠵᠤ
ᠴᠢᠳᠠᠬᠤ ᠡᠴᠢᠨ᠎ᠡ ᠪᠣᠳᠣᠯᠲᠤ ᠤᠬᠠᠭᠠᠨ ᠰᠠᠨᠠᠭ᠎ᠠ ᠪᠠᠷ ᠬᠣᠯᠠ ᠶᠢ ᠬᠠᠷᠠᠵᠤ᠂ ᠥᠪᠡᠷ ᠦᠨ ᠭᠡᠰᠡᠨ ᠦᠢᠯᠡᠰ
ᠬᠦᠭᠡᠭᠡᠴᠡᠯᠳᠦᠯ ᠲᠠᠢ ᠪᠠᠢᠬᠤ ᠪᠠᠷ ᠴᠤᠴᠠᠯᠲᠠ ᠦᠭᠡᠢ ᠴᠢᠷᠮᠠᠢᠨ ᠲᠡᠮᠡᠴᠡᠬᠦ ᠶᠢ ᠴᠠᠭ ᠦᠶ᠎ᠡ ᠶᠢᠨ
ᠱᠠᠭᠠᠷᠳᠠᠯᠭ᠎ᠠ᠂ ᠢᠷᠡᠭᠡᠳᠦᠢ ᠳᠦ ᠬᠠᠨᠳᠤᠭᠰᠠᠨ ᠬᠣᠷᠸ᠎ᠠ ᠦᠵᠡᠯᠲᠡ ᠪᠡᠷ ᠲᠡᠨᠢᠨ ᠮᠡᠳᠡᠷᠡᠬᠦ ᠴᠢᠬᠤᠯᠠ ᠲᠠᠢ
ᠪᠠᠢᠨ᠎ᠠ᠃ ᠵᠣᠬᠢᠬᠤ ᠨᠢᠭᠡᠨ ᠤᠳᠬ᠎ᠠ ᠠᠴᠠ ᠲᠤᠩᠭᠠᠨ ᠦᠵᠡᠪᠡᠯ ᠡᠨᠡ ᠪᠣᠯ ᠲᠡᠦᠬᠡ ᠰᠣᠶᠣᠯ ᠳᠤ ᠪᠠᠨ
ᠬᠠᠷᠢᠭᠤᠴᠠᠬᠤ ᠶᠢᠨ ᠬᠠᠷᠢᠭᠤᠴᠠᠯᠭ᠎ᠠ ᠪᠠᠢᠵᠤ ᠲᠠᠭᠠᠷᠠᠨ᠎ᠠ᠃