ᠬᠠᠨ ᠯᠥᠩ
ᠥᠣᠷ ᠤᠨ ᠬᠡᠬᠡ ᠶ᠋ᠢ ᠢᠯᠴᠣᠣᠳᠠᠢ ᠠ᠋ᠴᠠ ᠲᠤᠰᠬᠤ
ᠦᠯᠢᠬᠡᠷ ᠲᠤᠤᠯᠢᠰ ᠤᠨ ᠭᠠᠢᠬᠠᠮᠰᠢᠭᠲᠤ ᠣᠷᠣᠨ ᠂
ᠥᠷᠨᠢᠯ ᠬᠥᠭᠵᠢᠯ ᠦᠨ ᠡᠬᠡᠰᠢᠭ ᠬᠠᠢᠷᠠᠯᠠᠬᠤ
ᠦᠨᠢᠷ ᠲᠠᠩᠰᠤᠭ ᠦᠵᠡᠰᠬᠥᠯᠡᠩᠲᠤ ᠣᠷᠣᠨ ᠃
ᠨᠠᠮ ᠲᠥᠷᠥ ᠶ᠋ᠢᠨ ᠲᠤᠶᠠᠭ᠎ᠠ ᠭᠡᠢᠭᠰᠡᠨ
ᠨᠠᠷᠠᠯᠠᠭ ᠰᠠᠢᠬᠠᠨ ᠨᠠᠨᠳᠢᠨ ᠣᠷᠣᠨ ᠂
ᠬᠣᠷᠸ᠎ᠠ ᠶ᠋ᠢᠨ ᠨᠠᠢᠷ ᠢ ᠵᠠᠭᠣᠨ ᠠ᠋ᠴᠠ ᠲᠣᠰᠣᠬᠰᠠᠨ
ᠬᠣᠰᠢᠭᠤᠴᠢ ᠬᠥᠮᠦᠰ ᠦᠨ ᠲᠠᠷᠬᠠᠨ ᠣᠷᠣᠨ ᠃
ᠬᠦᠷᠠᠯ ᠨᠤᠲᠤᠭ ᠬᠡᠵᠦ ᠬᠡᠢᠮᠥᠷᠢᠯᠢᠭ ᠠᠷᠠᠳ ᠲᠠᠢ
ᠬᠦᠵᠢ ᠳᠡᠯᠡᠬᠡᠢ ᠠ᠋ᠴᠠ ᠰᠣᠶᠣᠷᠬᠠᠬᠰᠠᠨ ᠲᠠᠮᠠᠭᠠᠲᠤ ᠭᠠᠵᠠᠷ ᠂
ᠬᠦᠷᠠᠯ ᠨᠤᠲᠤᠭ ᠬᠡᠵᠦ ᠵᠢᠪᠬᠤᠭᠠᠯᠢᠭ ᠲᠥᠮᠡᠨ ᠲᠠᠢᠢ
ᠬᠥᠭᠵᠢᠯ ᠪᠠᠳᠠᠷᠠᠯ ᠤᠨ ᠭᠣᠯᠣᠮᠲᠠ ᠲᠠᠢ ᠲᠣᠮᠣᠬᠳᠣ ᠭᠠᠵᠠᠷ ᠃
ᠲᠡᠯᠪᠢ ᠪᠡᠨ ᠲᠡᠯᠬᠡᠭᠰᠡᠨ ᠲᠠᠷᠢᠬᠣᠸᠠ ᠲᠠᠯ᠎ᠠ
ᠲᠡᠬᠥᠯᠢᠨ ᠨᠢᠰᠬᠦ ᠠᠷᠢᠭᠤᠨ ᠥᠯᠥᠬᠡᠢ ᠂
ᠳᠡᠭᠵᠢᠷᠡᠬᠦ ᠢᠷᠡᠬᠡᠳᠣᠢ ᠲᠠᠢ ᠨᠥᠸ᠋ᠸ᠋ᠯ ᠭᠠᠴᠠᠭ᠎ᠠ
ᠲᠡᠯᠬᠡᠷ ᠪᠠᠶᠠᠨ ᠲᠣᠯᠠᠭᠠᠨ ᠮᠠᠨᠴᠣᠢ ᠃
ᠣᠰᠣᠨ ᠳ᠋ᠤ᠌ ᠱᠣᠮᠪᠠᠬᠤ ᠣᠷᠠᠨ ᠬᠠᠴᠢᠨ
ᠣᠷᠢᠶᠠᠯᠠᠭ ᠬᠥᠮᠦᠰ ᠦᠨ ᠮᠡᠨᠳᠣ ᠶ᠋ᠢᠨ ᠪᠠᠭᠣᠷᠢ ᠂
ᠲᠡᠭᠷᠢ ᠳ᠋ᠦ᠍ ᠳᠡᠭᠦᠯᠢᠬᠦ ᠴᠡᠭᠴᠡᠦᠬᠡᠢ
ᠲᠡᠮᠡᠣᠯᠬᠦ ᠮᠥᠷᠥᠬᠡᠳᠣᠯ ᠤᠨ ᠡᠩᠬᠡ ᠶ᠋ᠢᠨ ᠪᠠᠭᠣᠴᠠ ᠃
ᠮᠥᠩᠭᠥᠨ ᠴᠤᠤᠯ ᠤᠨ ᠦᠶᠡᠯᠵᠡᠭᠰᠡᠨ ᠲᠠᠪᠠᠯᠭᠠᠨ
ᠮᠥᠷᠤᠬᠡᠳᠣᠯ ᠪᠢᠯᠬᠠᠬᠰᠠᠨ ᠪᠠᠭᠠᠴᠣᠳ ᠤᠨ ᠤᠷᠢᠶ᠎ᠠ ︕
ᠪᠣᠷᠬᠠᠨ ᠪᠣᠭᠳᠠ ᠶ᠋ᠢᠨ ᠰᠥᠨᠳᠠᠷᠯᠡᠭᠰᠡᠨ ᠪᠠᠷ᠎ᠠ
ᠪᠣᠳᠣᠯ ᠣᠬᠠᠭᠠᠨ ᠤ ᠮᠦᠩᠬᠡ ᠶ᠋ᠢᠨ ᠴᠤᠤᠷᠢᠶ᠎ᠠ ︕
ᠲᠣᠯᠣᠭᠠᠨ ᠡᠬᠡᠰᠢᠭ ᠢᠶ᠋ᠠᠷ ᠰᠤᠯᠤᠩᠭᠠᠷᠠᠬᠰᠠᠨ
ᠣᠶᠡᠩᠭᠠᠳᠣ ᠬᠦᠷᠠᠯ ᠰᠤᠷᠭᠠᠭᠤᠯᠢ ᠂
ᠲᠣᠯᠤᠭᠠᠨ ᠨᠣᠲ ᠢᠶ᠋ᠠᠷ ᠬᠠᠩᠬᠢᠨᠠᠬᠰᠠᠨ
ᠣᠷᠠᠯᠢᠬᠳᠣ ᠬᠦᠷᠠᠯ ᠰᠤᠷᠭᠠᠭᠤᠯᠢ ᠃
ᠰᠣᠨᠣᠯᠵᠠᠬᠰᠠᠨ 《ᠴᠠᠭᠠᠨ ᠮᠥᠷᠠᠨ 》 ᠠ᠋ᠴᠠ ᠨᠢ
ᠰᠤᠤᠲᠤ ᠪᠣᠶᠠᠨᠬᠡᠰᠢᠭ ᠤᠨ ᠣᠯᠠ ᠮᠥᠷ ᠲᠡᠢ ᠂
ᠰᠤᠬᠠᠢᠲᠤ ᠰᠠᠢᠬᠠᠨ 《 ᠬᠦᠷᠠᠯ ᠲᠣᠯᠣᠭᠠᠨ ᠨᠤᠲᠤᠭ 》 ᠠ᠋ᠴᠠ ᠨᠢ
ᠰᠣᠳᠣᠨ ᠬᠥᠮᠦᠰ ᠦᠨ ᠤᠯᠪᠠᠭ᠎ᠠ ᠲᠠᠢ ᠃