     
   ☆☆
       
  3737222
   4896
   2012-03-04
   2018-07-15
  3439
 
 
【    】
ᠮᠤᠡᠭᠭᠤᠯᠴᠤᠳ ᠤᠨ ᠵᠠᠡᠭᠰᠢᠯ ᠤᠨ ᠬᠠᠤᠯᠢ ᠶ᠋ᠢᠨ ᠦᠢᠯᠡᠳᠦᠯ ᠢ ᠦᠭᠦᠯᠡᠬᠦ ᠨᠢ — ᠎᠎ᠾᠸᠪᠸᠢ ᠮᠤᠵᠢ ᠶ᠋ᠢᠨ ᠱᠠᠡᠭ ᠢ ᠰᠢᠶᠠᠨ ᠤ ᠬᠦᠢᠰᠦᠳᠦ ᠶ᠋ᠢᠨ ᠦᠷᠲᠡᠭᠡ ᠪᠡᠷ ᠵᠢᠱᠢᠶᠡᠯᠡᠬᠦ ᠨᠢ   

                                        ᠨᠠᠰᠤᠠᠠᠤᠷᠲᠦ

ᠠᠭᠤᠯᠭ᠎ᠠ ᠶ᠋ᠢᠨ ᠲᠤᠪᠴᠢ᠄

ᠬᠠᠤᠯᠢ ᠨᠢ ᠨᠡᠶᠢᠭᠡᠮ ᠢ ᠡᠷᠬᠡᠰᠢᠶᠡᠬᠦ ᠬᠠᠮᠤᠭ ᠴᠢᠬᠤᠯᠠ ᠤᠯᠤᠰ ᠲᠦᠷᠦ ᠶ᠋ᠢᠨ ᠪᠠᠭᠠᠵᠢ ᠪᠤᠯᠤᠭᠰᠠᠨ ᠤ ᠬᠤᠪᠢ ᠳ᠋ᠤ ᠲᠦᠷᠦ ᠶ᠋ᠢᠨ ᠬᠠᠤᠯᠢ ᠨᠢ ᠬᠦᠮᠦᠰ ᠤᠨ ᠠᠮᠢᠳᠤᠷᠠᠯ ᠳ᠋ᠤ ᠨᠡᠪᠴᠢᠵᠦ ᠤᠷᠤᠬᠤ ᠶ᠋ᠢ ᠭᠤᠷᠢᠯᠠᠳᠠᠭ᠂ ᠭᠡᠬᠦ ᠳ᠋ᠡᠭᠡᠨ ᠬᠠᠤᠯᠢ ᠶ᠋ᠢᠨ ᠨᠠᠪᠴᠢᠯᠳᠡ ᠨᠢ ᠲᠠᠡᠭ ᠴᠢᠭᠯᠡᠯ ᠢᠶᠠᠷ ᠪᠢᠰᠢ᠂ ᠬᠠᠷᠢᠨ ᠬᠠᠤᠯᠢ ᠶ᠋ᠢᠨ ᠨᠡᠪᠴᠢᠯᠳᠡ ᠶ᠋ᠢᠨ ᠬᠦᠨᠵᠡᠭᠡᠶᠢᠷᠡᠯ ᠢ ᠲᠠᠭᠠᠯᠳᠤᠨ ᠬᠠᠤᠯᠢ ᠨᠢ ᠬᠦᠮᠦᠰ ᠡᠴᠡ ᠬᠤᠯᠠ ᠪᠤᠶᠤ ᠠᠳᠠᠭ ᠲᠠᠭᠠᠨ ᠲᠤᠳᠤᠨᠤ ᠬᠠᠷᠢᠴᠠᠭ᠎ᠠ ᠦᠭᠡᠢ ᠪᠠᠶᠢᠭᠰᠠᠨ ᠡᠴᠡ ᠪᠠᠨ ᠢᠳᠡᠭ ᠢᠳᠡᠭ ᠢᠶᠠᠷ ᠬᠦᠮᠦᠰ ᠲᠤ ᠬᠡᠷᠡᠭᠯᠡᠭᠳᠡᠨ᠂ ᠤᠯᠠᠮ ᠢᠶᠠᠷ ᠬᠦᠮᠦᠰ ᠬᠠᠤᠯᠢ ᠶ᠋ᠢ ᠲᠦᠰᠢᠬᠦ᠂ ᠨᠠᠶᠢᠳᠠᠬᠤ ᠬᠠᠨᠳᠤᠰᠢ ᠲᠠᠢ ᠪᠤᠯᠳᠠᠭ᠃ ᠭᠡᠳᠡᠯ᠎ᠠ ᠬᠦᠮᠤᠰ ᠪᠢᠳᠡ ᠬᠠᠤᠯᠢ ᠶ᠋ᠢ ᠬᠡᠷᠡᠭᠯᠡᠬᠦ ᠦᠶᠡᠰ ᠬᠡᠳᠦᠢ ᠵᠠᠷᠤᠳᠠᠯ ᠭᠠᠷᠭᠠᠬᠤ ᠪᠠᠨ ᠤᠷᠢᠳᠴᠢᠯᠠᠨ ᠮᠡᠳᠡᠳᠡᠭ ᠦᠭᠡᠢ᠃ ᠬᠠᠤᠯᠢ ᠤᠤᠯ ᠡᠴᠡ ᠪᠠᠨ ᠮᠤᠡᠭᠭᠤᠯᠴᠤᠳ ᠲᠠᠢ ᠲᠤᠳᠤᠨᠤ ᠬᠠᠷᠢᠴᠠᠭ᠎ᠠ ᠲᠠᠢ ᠪᠠᠶᠢᠭ᠎ᠠ ᠦᠭᠡᠢ᠂ ᠶᠠᠭ ᠡᠶᠢᠮᠦ ᠡᠴᠡ ᠮᠤᠡᠭᠭᠤᠯᠴᠤᠳ ᠵᠠᠷᠭᠤ ᠵᠢᠭᠰᠢᠬᠦ ᠰᠡᠳᠬᠢᠯᠭᠡ ᠲᠠᠢ ᠪᠤᠯᠵᠤ᠂ ᠬᠠᠤᠯᠢ ᠶ᠋ᠢᠨ ᠤᠬᠠᠭᠤᠯᠭ᠎ᠠ ᠬᠦᠨᠵᠡᠭᠡᠢᠢᠷᠡᠭᠦ ᠡᠴᠡ ᠡᠮᠦᠨ᠎ᠡ ᠮᠤᠡᠭᠭᠤᠯᠴᠤᠳ ᠶᠡᠷᠦᠳᠡᠭᠡᠨ ᠬᠠᠤᠯᠢ ᠶ᠋ᠢᠨ 《 ᠡᠭᠦᠳᠡ 》 ᠶ᠋ᠢ ᠲᠠᠲᠠᠳᠠᠭ ᠦᠭᠡᠢ᠂ ᠬᠠᠷᠢᠨ ᠬᠠᠤᠯᠢ ᠡᠴᠡ ᠭᠠᠳᠠᠭᠤᠷ᠂ ᠲᠤᠳᠤᠭᠠᠳᠤ ᠳ᠋ᠠᠭᠠᠨ ᠠᠰᠠᠭᠤᠳᠠᠯ ᠢᠶᠡᠨ ᠰᠢᠢᠳᠪᠤᠷᠢᠯᠡᠳᠡᠭ ᠪᠠᠶᠢᠵᠠᠢ᠃ ᠤᠶᠢᠷ᠎ᠠ ᠶ᠋ᠢᠨ ᠵᠢᠯ ᠡᠴᠡ ᠦᠪᠦᠷ ᠮᠤᠡᠭᠭᠤᠯ ᠤᠨ ᠮᠤᠡᠭᠭᠤᠯᠴᠤᠳ ᠬᠡᠪᠯᠡᠯ ᠮᠡᠳᠡᠭᠡᠯᠡᠯ ᠤᠨ ᠬᠦᠴᠦᠳᠡᠢ ᠤᠬᠠᠭᠤᠯᠭ᠎ᠠ ᠪᠡᠷ ᠬᠠᠤᠯᠢ ᠶ᠋ᠢᠨ ᠤᠬᠠᠮᠰᠠᠷ ᠨᠢ ᠴᠢᠡᠭᠭᠠᠷᠠᠵᠤ᠂ ᠬᠠᠶᠠ ᠵᠠᠷᠢᠮ ᠳ᠋ᠠᠭᠠᠨ ᠬᠠᠤᠯᠢ ᠶ᠋ᠢ ᠬᠡᠳᠦᠷᠡᠳᠡᠯ᠎ᠡ ᠬᠡᠷᠡᠭᠯᠡᠬᠦ ᠬᠠᠨᠳᠤᠰᠢ ᠲᠠᠢ ᠪᠤᠯᠵᠤ᠂ ᠵᠠᠷᠭᠤ ᠤᠯᠠᠳᠠᠵᠦ ᠪᠦᠯᠭᠦᠮᠳᠡᠯ ᠨᠢ ᠡᠪᠳᠡᠷᠡᠵᠦ ᠪᠠᠢᠢᠨ᠎ᠠ᠃ ᠾᠸᠪᠸᠢ ᠮᠤᠵᠢ ᠶ᠋ᠢᠨ ᠱᠠᠡᠭ ᠢ ᠰᠢᠶᠠᠨ ᠤ ᠬᠦᠢᠰᠦᠳᠦ ᠶ᠋ᠢᠨ ᠦᠷᠳᠡᠭᠡᠨ ᠤ ᠮᠤᠡᠭᠭᠤᠯᠴᠤᠳ ᠴᠠᠭ ᠲᠦᠷᠦ ᠶ᠋ᠢᠨ ᠡᠷᠬᠡ ᠪᠡᠷ ᠮᠤᠡᠭᠭᠤᠯ ᠦᠰᠦᠭ ᠪᠢᠴᠢᠭ᠌ ᠡᠴᠡ ᠪᠠᠨ ᠰᠠᠯᠬᠤ ᠰᠢᠬᠠᠭᠰᠠᠨ ᠪᠤᠯᠪᠠᠴᠤ ᠦᠭᠡ ᠬᠡᠯᠡ ᠪᠠᠨ ᠠᠯᠳᠠᠭ᠎ᠠ ᠦᠭᠡᠢ ᠤᠴᠢᠷ ᠡᠴᠠ ᠤᠶᠢᠷ᠎ᠠ ᠶ᠋ᠢᠨ ᠵᠢᠯ ᠬᠦᠮᠦᠰ ᠤᠨ ᠠᠡᠭᠬᠠᠷᠤᠯ ᠳ᠋ᠤ ᠤᠷᠤᠭᠰᠠᠨ ᠪᠤᠯ ᠪᠢ ᠲᠡᠳᠡᠨᠤᠰ ᠤᠨ ᠶᠠᠭᠠᠬᠢᠬᠤ ᠪᠡᠷ ᠢᠶᠡᠨ ᠵᠠᠷᠭᠤ ᠴᠦᠬᠡᠨ ᠲᠠᠢ ᠪᠠᠶᠢᠳᠠᠭ ᠢ ᠪᠠᠶᠢᠴᠠᠭᠠᠨ ᠰᠤᠳᠤᠯᠵᠤ᠂ ᠲᠦᠷᠦ ᠶ᠋ᠢᠨ ᠬᠠᠤᠯᠢ ᠶ᠋ᠢᠨ ᠬᠦᠴᠦᠨ ᠦᠭᠡᠢ ᠴᠤ ᠬᠤᠳᠠ ᠠᠶᠢᠯ ᠤᠨ ᠢᠶᠡᠨ ᠬᠦᠮᠦᠰ ᠤᠨ ᠠᠮᠢᠳᠤᠷᠠᠯ ᠤᠨ ᠡᠮᠬᠢ ᠲᠢᠭᠯᠢᠮ ᠢ ᠵᠤᠬᠢᠰᠳᠠᠢ ᠬᠠᠮᠠᠭᠠᠯᠠᠵᠤ ᠴᠢᠳᠠᠭᠰᠠᠨ ᠬᠦᠢᠰᠦᠳᠦ ᠶ᠋ᠢᠨ ᠦᠷᠳᠡᠭᠡᠨ ᠤ ᠬᠦᠮᠦᠰ ᠤᠨ ᠵᠠᠡᠭᠰᠢᠯ ᠤᠨ ᠬᠠᠤᠯᠢ ᠳ᠋ᠤ ᠬᠠᠤᠯᠢ ᠶ᠋ᠢᠨ ᠬᠦᠮᠦᠨ ᠵᠦᠢ ᠶ᠋ᠢᠨ ᠬᠠᠷᠠᠭᠠᠰᠤ ᠡᠴᠡ ᠵᠠᠳᠠᠯᠤᠯᠳᠠ ᠬᠢᠵᠦ᠂ ᠵᠠᠡᠭᠰᠢᠯ ᠤᠨ ᠬᠠᠤᠯᠢ᠂ ᠤᠨᠴᠠᠭᠠᠶᠢᠯᠠᠨ ᠴᠦᠬᠡᠨ ᠲᠤᠭᠠᠳᠤ ᠦᠨᠳᠦᠰᠦᠳᠡᠨ ᠤ ᠵᠠᠡᠭᠰᠢᠯ ᠤᠨ ᠬᠠᠤᠯᠢ ᠶ᠋ᠢᠨ ᠢᠳᠡᠪᠬᠢ ᠦᠢᠯᠡᠳᠦᠯ ᠢ ᠵᠦᠪ ᠦᠨᠡᠯᠡᠨ ᠬᠡᠷᠬᠢᠨ ᠴᠦᠬᠡᠨ ᠲᠤᠭᠠᠳᠤ ᠦᠨᠳᠦᠰᠦᠳᠡᠨ ᠤ ᠵᠠᠡᠭᠰᠢᠯ ᠤᠨ ᠬᠠᠤᠯᠢ ᠪᠤᠯᠤᠨ ᠲᠦᠷᠦ ᠶ᠋ᠢᠨ ᠬᠠᠤᠯᠢ ᠶ᠋ᠢᠨ ᠬᠠᠷᠢᠴᠠᠭ᠎ᠠ ᠶ᠋ᠢ ᠵᠤᠬᠢᠴᠠᠭᠤᠯᠤᠨ ᠴᠦᠬᠡᠨ ᠲᠤᠭᠠᠳᠤ ᠦᠨᠳᠦᠰᠦᠳᠡᠨ ᠤ ᠵᠠᠡᠭᠰᠢᠯ ᠤᠨ ᠬᠠᠤᠯᠢ᠂ ᠲᠡᠷᠡ ᠲᠤᠰᠤᠮ ᠢᠶᠡᠨ ᠮᠤᠡᠭᠭᠤᠯᠴᠤᠳ ᠤᠨ ᠵᠠᠡᠭᠰᠢᠯ ᠤᠨ ᠬᠠᠤᠯᠢ ᠶ᠋ᠢᠨ ᠲᠠᠪᠠᠭᠤᠯᠢᠭ ᠲᠠᠯ᠎ᠠ ᠶ᠋ᠢ ᠲᠦᠷᠦ ᠶ᠋ᠢᠨ ᠬᠠᠤᠯᠢ ᠳ᠋ᠤ ᠰᠢᠩᠭᠡᠭᠡᠭᠦ ᠠᠷᠭ᠎ᠠ ᠵᠠᠮ ᠢ ᠬᠠᠶᠢᠠ ᠰᠦᠪᠡᠭ᠍ᠴᠢᠯᠡᠪᠡ᠃

ᠵᠠᠩᠭᠢᠯᠠᠭ᠎ᠠ ᠶ᠋ᠢᠨ ᠦᠭᠡ᠄ ᠬᠦᠢᠰᠤᠳᠤ ᠢᠢᠨ ᠦᠷᠳᠡᠭᠡ᠂ ᠮᠤᠡᠭᠭᠤᠯᠴᠤᠳ ‍ᠤᠨ ᠵᠠᠩᠰᠢᠯ ‍ᠤᠨ ᠬᠠᠥᠯᠢ᠂ ᠦᠪᠡᠷᠲᠡᠭᠡᠨ ᠵᠠᠰᠠᠬᠤ ᠳᠦᠷᠢᠮ᠂ ᠵᠢᠭᠤᠷᠠᠭᠠᠨ

ᠤᠳᠤᠷᠢᠳᠬᠠᠯ
      
      ᠨᠢᠭᠡ   ᠰᠡᠳᠦᠪ ᠰᠤᠡᠭᠭᠤᠭᠰᠠᠨ ᠰᠢᠯᠳᠠᠭᠠᠨ
      
      ᠬᠠᠤᠯᠢ ᠨᠢ ᠰᠤᠶᠤᠯ ᠤᠨ ᠨᠢᠭᠡᠨ ᠪᠦᠷᠢᠯᠳᠦᠬᠦᠨ᠂ ᠨᠡᠶᠢᠭᠡᠮ ᠤᠨ ᠡᠮᠬᠢ ᠲᠢᠭᠯᠢᠮ  ᠢ ᠬᠠᠮᠠᠭᠠᠯᠠᠬᠤ ᠪᠠᠭᠠᠵᠢ ᠪᠤᠯᠤᠭᠰᠠᠨ ‍ᠤ ᠬᠤᠪᠢ ᠳ᠋ᠤ ᠲᠡᠭᠦᠨ ‍ᠤ ᠠᠭᠤᠯᠬᠤᠨ ᠨᠢ ᠭᠠᠭᠴᠠᠬᠠᠨ ᠲᠦᠷᠦ ᠡᠴᠡ ᠪᠠᠲᠤᠯᠠᠭᠰᠠᠨ ᠪᠤᠶᠤ ᠲᠦᠷᠦ ᠡᠴᠡ ᠮᠡᠳᠡᠷᠡᠭᠰᠡᠨ ᠲᠦᠷᠢᠮᠵᠢᠯ ᠳ᠋ᠤ ᠬᠢᠵᠠᠭᠠᠷᠯᠠᠭᠳᠠᠬᠤ ᠦᠭᠡᠢ᠂ ᠵᠠᠡᠭᠰᠢᠯ ‍ᠤᠨ ᠬᠠᠤᠯᠢ ᠨᠢ ᠨᠡᠶᠢᠭᠡᠮ ‍ᠤᠨ ᠡᠷᠬᠡᠰᠢᠶᠡᠯ ‍ᠤᠨ ᠨᠢᠭᠡᠨ ᠬᠡᠯᠪᠡᠷᠢ ᠪᠤᠯᠤᠭᠰᠠᠨ ‍ᠤ ᠬᠤᠪᠢ ᠳ᠋ᠤ ᠮᠠᠷᠭᠤᠰᠢ ᠦᠭᠡᠢ ᠬᠠᠤᠯᠢ ᠶ᠋ᠢᠨ ᠨᠢᠭᠡᠨ ᠬᠡᠯᠪᠡᠷᠢ ᠪᠤᠯᠤᠨ᠎ᠠ᠃ 《 ᠵᠠᠡᠭᠰᠢᠯ ‍ᠤᠨ ᠬᠠᠤᠯᠢ ᠭᠡᠳᠡᠭ ᠨᠢ ᠠᠷᠠᠳ ᠢᠷᠭᠡᠳ ‍ᠤᠨ ᠤᠷᠳᠤ ᠬᠤᠭᠤᠴᠠᠭᠠᠨ ‍ᠤ ᠠᠵᠢᠯ ᠠᠮᠢᠳᠤᠷᠠᠯ ‍ᠤᠨ ᠶᠠᠪᠤᠴᠠ ᠳ᠋ᠤ ᠠᠶᠠᠨᠳᠠᠭᠠᠨ ᠪᠦᠷᠢᠯᠳᠦᠭᠰᠡᠨ᠂ ᠠᠷᠠᠳ ᠢᠷᠭᠡᠳ ‍ᠤᠨ ᠡᠷᠬᠡ ᠡᠭᠦᠷᠭᠡ ᠶ᠋ᠢ ᠬᠤᠪᠢᠶᠠᠷᠢᠯᠠᠳᠠᠭ᠂ ᠲᠡᠳᠡᠨᠤᠰ ‍ᠤᠨ ᠬᠤᠭᠤᠷᠤᠨᠳᠤᠬᠢ ᠠᠰᠢᠭ ᠲᠤᠰᠠ ᠶ᠋ᠢᠨ ᠬᠠᠷᠢᠴᠠᠭ᠎ᠠ ᠶ᠋ᠢ ᠵᠤᠭᠢᠴᠠᠭᠤᠯᠤᠨ ᠰᠢᠢᠳᠪᠦᠷᠢᠯᠡᠳᠡᠭ ᠮᠦᠷᠳᠡᠭᠡᠨ ᠶᠠᠮᠠᠷ ᠨᠢᠭᠡᠨ ᠨᠡᠶᠢᠭᠡᠮ ‍ᠤᠨ ᠬᠠᠷᠢᠯᠴᠠᠭᠠᠨ ‍ᠤ ᠰᠦᠯᠵᠢᠶ᠎ᠡ ᠲᠤᠮᠳᠠ ᠬᠡᠷᠡᠭᠵᠢᠭᠦᠯᠦᠭᠳᠡᠳᠡᠭ ᠤᠷᠤᠨ ᠨᠤᠳᠤᠭ ‍ᠤᠨ ᠴᠢᠨᠠᠷᠲᠠᠢ ᠲᠦᠷᠢᠮᠵᠢᠯ ᠪᠤᠯᠤᠨ᠎ᠠ〔1〕》᠃ ᠬᠠᠤᠯᠢ ᠪᠤᠯᠤᠨ ᠰᠤᠶᠤᠯ ᠤᠨ ᠬᠠᠷᠢᠴᠠᠭᠠᠨ ᠤ ᠲᠤᠬᠠᠢ ᠰᠤᠳᠤᠯᠭᠠᠨ ᠨᠢ ᠦᠨᠡᠨᠳᠡᠭᠡᠨ ᠬᠠᠤᠯᠢ ᠳ᠋ᠤ ᠰᠤᠶᠤᠯ ᠤᠨ ᠲᠠᠶᠢᠯᠪᠤᠷᠢᠯᠠᠯᠳᠠ ᠬᠢᠬᠦ ᠪᠤᠶᠤ ᠡᠰᠡᠭᠦᠯ᠎ᠡ ᠬᠠᠤᠯᠢ ᠶ᠋ᠢ ᠰᠤᠶᠤᠯ ᠤᠨ ᠨᠢᠭᠡᠨ ᠬᠡᠰᠡᠭ ᠪᠤᠯᠭᠠᠨ ᠰᠤᠳᠤᠯᠳᠠᠭ᠃ ᠬᠠᠤᠯᠢ ᠶ᠋ᠢᠨ ᠬᠦᠮᠦᠨ ᠰᠤᠳᠤᠯᠤᠯ ᠤᠨ ᠬᠠᠷᠠᠭᠠᠨ ᠳ᠋ᠡᠬᠢ ᠬᠠᠤᠯᠢ ᠭᠡᠳᠡᠭ ᠨᠢ 《 ᠵᠤᠬᠢᠬᠤ ᠰᠤᠶᠤᠯ ᠤᠨ ᠤᠷᠤᠨ ᠵᠠᠢ ᠳ᠋ᠡᠬᠢ ᠨᠡᠶᠢᠭᠡᠮ—ᠰᠤᠶᠤᠯ ᠤᠨ ᠭᠤᠤᠯ ᠴᠤᠬᠴᠠ ᠳ᠋ᠤ ᠨᠡᠶᠢᠳᠡᠮ ᠵᠦᠪᠰᠢᠶᠡᠷᠡᠭᠳᠡᠭᠰᠡᠨ᠂ ᠶᠠᠪᠤᠯᠴᠠᠭᠠᠨ ᠤ ᠲᠤᠬᠠᠢ ᠶ᠋ᠢᠨ ᠡᠳᠡᠭᠡᠳ ᠲᠤ ᠨᠡᠶᠢᠳᠡᠮ ᠤᠨ ᠬᠢᠵᠠᠭᠠᠷᠯᠠᠬᠤ ᠬᠦᠴᠦᠨ ᠲᠠᠢ᠂ ᠬᠦᠮᠦᠰ ᠤᠨ ᠵᠢᠭᠤᠷᠠᠭᠠᠨ ᠢᠶᠡᠨ ᠰᠢᠢᠳᠪᠦᠷᠢᠯᠡᠬᠦ ᠳ᠋ᠤ ᠦᠨᠳᠦᠰᠦ ᠪᠠᠷᠢᠮᠳᠠ ᠪᠤᠯᠭᠠᠳᠠᠭ ᠦᠢᠯᠡ ᠠᠵᠢᠯᠯᠠᠭᠠᠨ ᠤ ᠲᠦᠷᠢᠮᠵᠢᠯ ᠪᠤᠯᠤᠨ᠎ᠠ〔2〕》᠃ ᠶᠠᠷᠢᠶᠠᠨ ᠦᠭᠡᠢ ᠬᠠᠤᠯᠢ ᠨᠢ ᠬᠦᠮᠦᠰ ᠤᠨ ᠡᠳᠦᠷ ᠲᠤᠳᠤᠮ ᠤᠨ ᠠᠵᠢᠯᠯᠠᠭᠠᠨ ᠤ ᠲᠦᠷᠢᠮᠵᠢᠯ ᠳ᠋ᠤ ᠰᠠᠭᠤᠷᠢᠯᠠᠨ ᠶᠠᠮᠠᠷ ᠨᠢᠭᠡᠨ ᠤᠭᠰᠠᠭ᠎ᠠ ᠦᠨᠳᠦᠰᠦᠳᠡᠨ᠂ ᠨᠡᠶᠢᠭᠡᠮ ᠨᠡᠶᠢᠳᠡ ᠳ᠋ᠤ ᠮᠡᠳᠡᠷᠡᠭᠳᠡᠭᠰᠡᠨ ᠤ ᠰᠠᠭᠤᠷᠢᠨ ᠲᠡᠭᠡᠷ᠎ᠡ ᠪᠦᠬᠦ ᠨᠡᠶᠢᠭᠡᠮ ᠤᠨ ᠠᠵᠢᠯᠯᠠᠭᠠᠨ ᠤ ᠲᠦᠷᠢᠮᠵᠢᠯ ᠪᠤᠯᠵᠤ ᠬᠦᠭ᠍ᠵᠢᠵᠠᠢ᠃ ᠲᠠᠶᠠᠭᠠᠷᠴᠢᠯᠠᠯᠳᠡ ᠶ᠋ᠢᠨ ᠶᠡᠬᠡ ᠤᠷᠤᠰᠬᠠᠯ ᠳ᠋ᠤ ᠬᠠᠤᠯᠢ ᠴᠤ ᠠᠳᠠᠯᠢ ᠪᠤᠰᠤ ᠤᠯᠤᠰ ᠤᠷᠤᠨ ᠤ ᠬᠤᠭᠤᠷᠤᠨᠳᠤ ᠵᠢᠭᠡᠯᠡᠭᠳᠡᠨ ᠬᠡᠷᠡᠭᠯᠡᠭᠳᠡᠬᠦ ᠪᠤᠯᠵᠠᠢ᠃ ᠶᠠᠭ ᠡᠶᠢᠮᠦᠷᠬᠦ ᠪᠤᠳᠠᠳᠤ ᠠᠬᠤᠢ ᠡᠴᠡ ᠪᠤᠯᠵᠤ ᠵᠠᠷᠢᠮ ᠰᠢᠨ᠎ᠡ ᠬᠦᠷᠢᠶ᠎ᠡ ᠴᠠᠷ᠎ᠠ ᠪᠤᠶᠤ ᠰᠢᠨ᠎ᠡ ᠪᠡᠷ ᠪᠤᠢ ᠪᠤᠯᠤᠭᠰᠠᠨ ᠠᠵᠤ ᠠᠬᠤᠢ᠂ ᠨᠡᠶᠢᠭᠡᠮ ᠤᠨ ᠬᠦᠷᠢᠶᠡᠨ ᠳ᠋ᠤ ᠪᠤᠰᠤᠳ ᠬᠦᠭ᠍ᠵᠢᠭᠰᠡᠨ ᠤᠷᠤᠨ ᠡᠴᠡ ᠬᠠᠮᠢᠶ᠎ᠠ ᠪᠦᠬᠦᠢ ᠬᠠᠤᠯᠢ ᠲᠤᠭᠳᠠᠭᠠᠯ  ᠢ ᠨᠢ ᠵᠢᠭᠡᠯᠡᠵᠦ ᠬᠡᠷᠡᠭᠯᠡᠬᠦ ᠦᠵᠡᠭᠳᠡᠯ ᠪᠠᠶᠢᠳᠠᠭ᠃ ᠡᠨᠡ ᠦᠶᠡᠰ ᠲᠤᠬᠠᠢ ᠶ᠋ᠢᠨ ᠤᠷᠤᠨ ᠤ ᠤᠯᠠᠮᠵᠢᠯᠠᠯᠳᠤ ᠠᠵᠤ ᠠᠬᠤᠢ᠂ ᠠᠮᠢᠳᠤᠷᠠᠯ ᠳ᠋ᠤ ᠬᠤᠯᠪᠤᠭᠳᠠᠭᠰᠠᠨ ᠬᠠᠤᠯᠢ ᠴᠠᠭᠠᠵᠠ ᠶ᠋ᠢ ᠪᠤᠰᠤᠳ ᠤᠷᠤᠨ ᠡᠴᠡ ᠵᠢᠭᠡᠯᠡᠵᠦ ᠬᠡᠷᠡᠭᠯᠡᠭᠰᠡᠨ ᠡᠴᠡ ᠪᠤᠯᠵᠤ ᠲᠦᠷᠦ ᠶ᠋ᠢᠨ ᠬᠠᠤᠯᠢ ᠨᠢ ᠨᠡᠶᠢᠭᠡᠮ ᠤᠷᠴᠢᠨ ᠲᠠᠢ ᠪᠠᠨ ᠵᠤᠬᠢᠴᠠᠯᠳᠤᠬᠤ ᠦᠭᠡᠢ ᠪᠤᠶᠤ ᠬᠦᠮᠦᠨ ᠠᠷᠠᠳ ᠲᠠᠭᠠᠨ ᠤᠶᠢᠯᠭᠠᠭᠳᠠᠬᠤ ᠦᠭᠡᠢ ᠪᠠᠶᠢᠳᠠᠯ ᠴᠤ ᠭᠠᠷᠳᠠᠭ᠃ ᠬᠠᠤᠯᠢ ᠲᠤᠭᠳᠠᠭᠠᠬᠤ ᠶᠠᠪᠤᠴᠠ ᠳ᠋ᠤ ᠪᠤᠳᠠᠳᠠᠢ ᠨᠡᠶᠢᠭᠡᠮ ᠤᠨ ᠪᠠᠶᠢᠴᠠᠭᠠᠯᠳᠠ ᠪᠦᠷᠢᠨ ᠬᠢᠳᠡᠭ ᠦᠭᠡᠢ᠂ ᠲᠦᠷᠦ ᠶ᠋ᠢᠨ ᠬᠠᠤᠯᠢ ᠨᠢ ᠪᠢᠴᠢ᠍᠍ᠭ᠌ ᠤᠨ ᠰᠢᠷᠡᠭᠡᠨ ᠲᠡᠭᠡᠷ᠎ᠡ ᠪᠤᠯᠪᠠᠰᠤᠷᠠᠭᠤᠯᠤᠭᠳᠠᠵᠤ ᠨᠡᠶᠢᠭᠡᠮ ᠤᠨ ᠪᠤᠳᠠᠳᠤ ᠠᠬᠤᠢ ᠡᠴᠡ ᠰᠠᠯᠤᠭᠰᠠᠨ ᠡᠴᠡ ᠦᠢᠯᠡᠳᠦᠯ ᠪᠠᠭᠠᠳᠠᠢ ᠪᠤᠯᠳᠠᠭ᠃ ᠮᠠᠨ ᠤ ᠤᠯᠤᠰ ᠤᠨ ᠪᠤᠳᠠᠳᠤ ᠪᠠᠶᠢᠳᠠᠯ ᠢᠶᠠᠷ ᠠᠪᠴᠤ ᠦᠵᠡᠭᠰᠡᠨ ᠴᠤ ᠬᠦᠳᠡᠭᠡ ᠲᠤᠰᠬᠤᠨ ᠤ ᠭᠠᠵᠠᠷ ᠰᠢᠷᠤᠢ ᠶ᠋ᠢᠨ ᠲᠠᠭᠠᠭᠠᠴᠢᠯᠠᠯᠳᠠ ᠶ᠋ᠢᠨ ᠬᠠᠤᠯᠢ᠂ ᠨᠤᠲᠤᠭ ᠪᠡᠯᠴᠢᠭᠡᠷ ᠤᠨ ᠬᠠᠤᠯᠢ ᠭᠡᠬᠦ ᠮᠡᠳᠦᠴᠢᠯᠡᠨ ᠶᠡᠬᠡ ᠤᠯᠠᠨ ᠬᠠᠤᠯᠢ ᠪᠠᠶᠢᠳᠠᠭ ᠪᠤᠯᠪᠠᠴᠤ ᠤᠭᠰᠠᠭ᠎ᠠ ᠦᠨᠳᠦᠰᠦᠳᠡᠨ᠂ ᠰᠤᠶᠤᠯ ᠲᠡᠤᠬᠡ ᠶ᠋ᠢᠨ ᠤᠯᠠᠨ ᠶᠠᠡᠭᠵᠤᠳᠤ ᠪᠦᠲᠦᠴᠡ ᠡᠴᠡ ᠪᠤᠯᠵᠤ ᠬᠠᠤᠯᠢ ᠶ᠋ᠢᠨ ᠪᠤᠳᠠᠳᠤ ᠠᠰᠢᠭᠯᠠᠮᠵᠢ ᠲᠤᠤᠷ᠎ᠠ ᠪᠠᠶᠢᠵᠤ ᠤᠨᠴᠠᠭᠠᠶᠢᠯᠠᠨ ᠴᠦᠬᠡᠨ ᠲᠤᠭᠠᠳᠤ ᠦᠨᠳᠦᠰᠦᠳᠡᠨ ᠤ ᠤᠷᠤᠨ ᠳ᠋ᠤ ᠲᠦᠷᠦ ᠶ᠋ᠢᠨ ᠬᠠᠤᠯᠢ ᠨᠢ ᠠᠷᠠᠳ ᠲᠦᠮᠡᠨ ᠡᠴᠡ ᠰᠠᠯᠤ᠍ᠡᠭ᠍ᠬᠢᠷᠠᠵᠤ ᠪᠠᠶᠢᠨ᠎ᠠ᠃ ᠡᠨᠡ ᠨᠢ ᠶᠠᠷᠢᠶᠠᠨ ᠦᠭᠡᠢ ᠮᠠᠨ ᠤ ᠤᠯᠤᠰ ᠲᠤ ᠠᠯᠪᠠᠨ ᠤ ᠲᠠᠯ᠎ᠠ ᠡᠴᠡ ᠬᠠᠤᠯᠢ ᠶ᠋ᠢᠨ ᠨᠢᠭᠡ ᠡᠰᠢᠳᠦ ᠤᠨᠤᠯ ᠢ ᠪᠠᠷᠢᠮᠳᠠᠯᠠᠨ ᠵᠠᠡᠭᠰᠢᠯ ᠤᠨ ᠬᠠᠤᠯᠢ ᠶ᠋ᠢ ᠮᠡᠳᠡᠷᠡᠳᠡᠭ ᠦᠭᠡᠢ ᠡᠴᠡ ᠪᠤᠯᠵᠠᠢ᠃ ᠭᠡᠳᠡᠯ᠎ᠡ 2008 ᠤᠨ ᠡᠴᠡ ᠡᠬᠢᠯᠡᠨ ᠬᠡᠷᠡᠭᠵᠢᠭᠦᠯᠦᠭᠳᠡᠭᠰᠡᠨ ᠮᠠᠨ ᠤ ᠤᠯᠤᠰ ᠤᠨ《 ᠪᠤᠳᠠᠰ ᠤᠨ ᠡᠷᠬᠡ ᠶ᠋ᠢᠨ ᠬᠠᠤᠯᠢ》 ᠶ᠋ᠢᠨ ᠨᠠᠶᠠᠨ ᠲᠠᠪᠤᠳᠤᠭᠠᠷ ᠵᠤᠷᠪᠤᠰ ᠲᠤ 《ᠰᠠᠬᠠᠭᠠᠯᠳᠠ ᠵᠡᠷᠭᠡᠯᠡᠳᠡᠭᠡ ᠶ᠋ᠢᠨ ᠬᠠᠷᠢᠴᠠᠭᠠᠨ ᠤ ᠲᠤᠬᠠᠢ ᠬᠠᠤᠯᠢ ᠲᠦᠷᠢᠮ ᠲᠤᠳᠤᠷᠬᠠᠢ ᠲᠤᠭᠳᠠᠭᠠᠯ ᠦᠭᠡᠢ ᠪᠠᠶᠢᠳᠠᠯ ᠳ᠋ᠤ ᠵᠠᠡᠭᠰᠢᠯ ᠤᠨ ᠬᠠᠤᠯᠢ ᠶ᠋ᠢ ᠦᠨᠳᠦᠰᠦᠯᠡᠨ ᠰᠢᠢᠳᠪᠦᠷᠢᠯᠡᠵᠦ ᠪᠤᠯᠤᠨ᠎ᠠ》 ᠭᠡᠵᠦ ᠲᠤᠭᠳᠠᠭᠠᠭᠰᠠᠨ ᠡᠴᠡ ᠵᠠᠡᠭᠰᠢᠯ ᠤᠨ ᠬᠠᠤᠯᠢ ᠶ᠋ᠢᠨ ᠢᠳᠡᠪᠬᠢ ᠦᠢᠯᠡᠳᠦᠯ ᠨᠢ ᠬᠠᠤᠯᠢ ᠲᠤᠭᠳᠠᠭᠠᠭᠴᠢ ᠶ᠋ᠢᠨ ᠠᠡᠭᠬᠠᠷᠤᠯ ᠳ᠋ᠤ ᠤᠷᠤᠭᠰᠠᠨ ᠢ ᠮᠡᠳᠡᠵᠦ ᠪᠤᠯᠤᠨ᠎ᠠ᠃ ᠤᠤᠯ ᠨᠢ ᠦᠪᠦᠷ ᠮᠤᠡᠭᠭᠤᠯ ᠤᠨ ᠮᠤᠡᠭᠭᠤᠯ ᠮᠠᠯᠴᠢᠳ ᠤᠳᠤᠬᠠᠨ ᠳ᠋ᠤ ᠬᠡᠷᠡᠭᠵᠢᠭᠦᠯᠦᠭᠳᠡᠵᠦ ᠪᠠᠶᠢᠭ᠎ᠠ ᠬᠠᠤᠯᠢ ᠶ᠋ᠢ ᠲᠤᠳᠤᠷᠬᠠᠢ ᠮᠡᠳᠡᠬᠦ ᠦᠭᠡᠢ ᠪᠤᠯᠪᠠᠴᠤ ᠲᠡᠳᠡᠨᠦᠰ ᠤᠨ ᠠᠮᠢᠳᠤᠷᠠᠯ ᠨᠢ ᠬᠠᠷᠢᠨ ᠡᠮᠬᠢ ᠵᠠᠮᠪᠠᠷᠠᠭ᠎ᠠ ᠪᠠᠨ ᠠᠯᠳᠠᠭ᠎ᠠ ᠦᠭᠡᠢ ᠮᠦᠷᠳᠡᠭᠡᠨ ᠵᠠᠷᠭᠤ ᠵᠠᠷᠭᠤᠯᠳᠤᠭᠠᠨ ᠴᠤ ᠴᠦᠬᠡᠨ ᠪᠠᠶᠢᠭᠰᠠᠨ᠃ ᠮᠤᠡᠭᠭᠤᠯ ᠮᠠᠯᠴᠢᠳ ᠤᠨ ᠬᠠᠤᠯᠢ ᠮᠡᠳᠡᠬᠦ ᠦᠭᠡᠢ ᠴᠤ ᠡᠮᠬᠢ ᠲᠢᠭᠯᠢᠮ ᠲᠠᠢ ᠠᠮᠢᠳᠤᠷᠠᠳᠠᠭ ᠪᠠᠶᠢᠭᠰᠠᠨ ᠤ ᠰᠢᠯᠳᠠᠭᠠᠨ ᠢ ᠬᠠᠤᠯᠢ ᠶ᠋ᠢᠨ ᠬᠦᠮᠦᠨ ᠵᠦᠢ ᠶ᠋ᠢᠨ ᠬᠠᠷᠠᠭᠠᠰᠤ ᠡᠴᠡ ᠰᠢᠨᠵᠢᠯᠡᠵᠦ ᠮᠤᠡᠭᠭᠤᠯᠴᠤᠳ ᠤᠨ ᠵᠠᠡᠭᠰᠢᠯ ᠤᠨ ᠬᠠᠤᠯᠢ ᠶ᠋ᠢᠨ ᠦᠢᠯᠡᠳᠦᠯ ᠢ ᠲᠤᠳᠤᠷᠠᠭᠤᠯᠵᠤ ᠮᠤᠡᠭᠭᠤᠯᠴᠤᠳ ᠤᠨ ᠵᠠᠡᠭᠰᠢᠯ ᠤᠨ ᠬᠠᠤᠯᠢ ᠶ᠋ᠢᠨ ᠲᠠᠪᠠᠭᠤᠯᠢᠭ ᠲᠠᠯ᠎ᠠ ᠶ᠋ᠢ ᠲᠦᠷᠦ ᠶ᠋ᠢᠨ ᠬᠠᠤᠯᠢ ᠳ᠋ᠤ ᠰᠢᠡᠭ᠍ᠭᠡᠭᠡᠬᠦ ᠠᠷᠭ᠎ᠠ ᠶ᠋ᠢ ᠰᠦᠪᠡᠭ᠍ᠴᠢᠯᠡᠬᠦ ᠡᠭᠦᠳᠡᠨ ᠡᠴᠡ ᠲᠤᠰ ᠰᠡᠳᠦᠪ ᠢ ᠰᠤᠡᠭᠭᠤᠵᠠᠢ᠃
      ᠰᠤᠳᠤᠯᠭᠠᠨ ᠤ ᠴᠡᠭ ᠤᠨ ᠬᠤᠪᠢ ᠳ᠋ᠤ᠂ ᠾᠸᠪᠸᠢ ᠮᠤᠵᠢ ᠶ᠋ᠢᠨ ᠱᠠᠡᠭ ᠢ ᠰᠢᠶᠠᠨ ᠤ ᠳ᠋ᠠ ᠶᠢᠡᠭ ᠫᠠᠨ ᠰᠢᠶᠠᠡᠭ ᠤᠨ ᠬᠦᠢᠰᠦᠳᠦ ᠶ᠋ᠢᠨ ᠦᠷᠳᠡᠭᠡ ᠨᠢ ᠲᠠᠷᠢᠶᠠᠯᠠᠬᠤ ᠲᠤᠰᠬᠤᠨ᠂ ᠨᠡᠡᠭ ᠤᠨᠤᠪᠴᠢᠳᠠᠢ ᠪᠡᠷ ᠬᠡᠯᠡᠪᠡᠯ ᠬᠢᠳᠠᠳ ᠰᠤᠶᠤᠯ ᠤᠨ ᠲᠤᠮᠳᠠ ᠮᠤᠡᠭᠭᠤᠯ ᠬᠡᠯᠡ ᠰᠤᠶᠤᠯ ᠲᠠᠢ ᠪᠠᠨ ᠦᠨᠦᠴᠢᠷᠡᠨ ᠦᠯᠡᠳᠡᠭᠰᠡᠨ ᠬᠤᠷᠢᠭᠠᠳ ᠡᠷᠦᠬᠡ᠂ ᠬᠤᠶᠠᠷ ᠵᠠᠭᠤ ᠭᠠᠷᠤᠢ ᠬᠦᠮᠦᠨ ᠠᠮᠠ ᠲᠠᠢ ᠭᠠᠭᠴᠠᠬᠠᠨ ᠮᠤᠡᠭᠭᠤᠯ ᠭᠠᠴᠠᠭ᠎ᠠ ᠬᠡᠷᠬᠢᠨ ᠬᠡᠯᠡ ᠰᠤᠶᠤᠯ ᠢᠶᠡᠨ ᠬᠠᠳᠠᠭᠠᠯᠵᠤ ᠴᠢᠳᠠᠭᠰᠠᠨ ᠲᠤᠬᠠᠢ ᠬᠦᠮᠦᠰ ᠲᠤ ᠰᠤᠨᠢᠷᠬᠠᠭᠳᠠᠳᠠᠭ᠃ ᠡᠨᠡᠬᠦ ᠶᠠᠮᠠᠷ ᠴᠤ ᠦᠨᠳᠦᠰᠦᠳᠡᠨ ᠤ ᠦᠪᠡᠷᠳᠡᠭᠡᠨ ᠵᠠᠰᠠᠬᠤ ᠡᠷᠬᠡ ᠡᠳ᠋ᠯᠡᠳᠡᠭ ᠦᠭᠡᠢ ᠮᠤᠡᠭᠭᠤᠯ ᠬᠡᠯᠡ ᠰᠤᠶᠤᠯ ᠲᠠᠢ ᠮᠤᠡᠭᠭᠤᠯ ᠭᠠᠴᠠᠭ᠎ᠠ ᠶ᠋ᠢ ᠰᠢᠶᠠᠡᠭ ᠰᠢᠶᠠᠨ ᠤ ᠵᠠᠰᠠᠭ ᠤᠨ ᠤᠷᠳᠦᠨ ᠨᠢ ᠮᠤᠡᠭᠭᠤᠯ ᠭᠠᠴᠠᠭ᠎ᠠ ᠬᠡᠮᠡᠨ ᠲᠡᠳᠡᠨ ᠤ ᠠᠮᠢᠳᠤᠷᠠᠯ ᠳ᠋ᠤ ᠠᠯᠢ ᠪᠤᠯᠬᠤ ᠪᠡᠷ ᠭᠠᠷ ᠲᠦᠷᠦᠬᠦ ᠦᠭᠡᠢ ᠪᠠᠶᠢᠳᠠᠭ ᠡᠴᠡ ᠦᠨᠳᠦᠰᠦᠨ ᠱᠠᠳᠤᠨ ‍ᠤ᠂ ᠨᠡᠡᠭ ᠪᠤᠳᠠᠳᠠᠢ ᠪᠡᠷ ᠬᠡᠯᠡᠪᠡᠯ ᠭᠠᠴᠠᠭ᠎ᠠ ᠲᠤᠰᠬᠤᠨ ‍ᠤ ᠦᠪᠡᠷᠲᠡᠭᠡᠨ ᠵᠠᠰᠠᠬᠤ ᠡᠷᠬᠡ᠂ ᠴᠢᠨᠠᠭᠰᠢᠯᠠᠨ ᠦᠨᠳᠦᠰᠦᠳᠡᠨ ᠤ ᠦᠪᠡᠷᠲᠡᠭᠡᠨ ᠵᠠᠰᠠᠬᠤ ᠡᠷᠬᠡ ᠶ᠋ᠢ ᠬᠠᠡᠭᠭᠠᠮᠵᠢᠳᠠᠢ ᠡᠳ᠋ᠯᠡᠵᠦ ᠪᠠᠶᠢᠨ᠎ᠠ᠂ ᠬᠡᠭᠦ ᠳ᠋ᠡᠭᠡᠨ ᠲᠦᠷᠦ ᠶ᠋ᠢᠨ ᠬᠠᠤᠯᠢ ᠳᠡᠳᠡᠨᠦᠰ ᠤᠨ ᠠᠮᠢᠳᠤᠷᠠᠯ ᠳ᠋ᠤ ᠲᠡᠭᠡᠵᠦ ᠶᠡᠬᠡ ᠨᠦᠯᠦᠭᠡᠯᠡᠭᠡ ᠦᠭᠡᠢ ᠬᠠᠷᠢᠨ ᠵᠠᠡᠭᠰᠢᠯ ᠤᠨ ᠬᠠᠤᠯᠢ ᠬᠠᠮᠤᠭ ᠶᠡᠬᠡ ᠪᠡᠷ ᠦᠢᠯᠡᠳᠦᠯ ᠢᠶᠡᠨ ᠪᠠᠳᠠᠷᠠᠭᠤᠯᠵᠤ ᠪᠠᠶᠢᠨ᠎ᠠ᠃
      
      ᠬᠤᠶᠠᠷ   ᠰᠣᠳᠤᠯᠭᠠᠨ ᠤ ᠵᠤᠷᠢᠯᠭ᠎ᠠ
      
      ᠲᠤᠰ ᠰᠤᠳᠤᠯᠭᠠᠨ ᠳ᠋ᠤ ᠬᠦᠢᠰᠦᠳᠦ ᠶ᠋ᠢᠨ ᠦᠷᠳᠡᠭᠡᠨ  ᠤ ᠭᠠᠳᠠᠨᠠᠬᠢ ᠵᠢᠭᠤᠷᠠᠭᠠᠨ᠂ ᠳᠤᠳᠤᠭᠠᠳᠤ ᠵᠢᠭᠤᠷᠠᠭᠠᠨ  ‍ᠢᠢᠨᠨ ᠬᠡᠷᠬᠢᠨ ᠵᠠᠡᠭᠰᠢᠯ ᠤᠨ ᠬᠠᠤᠯᠢ ᠳ᠋ᠤ ᠰᠠᠭᠤᠷᠢᠯᠠᠨ ᠰᠢᠢᠳᠪᠦᠷᠢᠯᠡᠭᠰᠡᠨ ᠶᠠᠪᠤᠴᠠ ᠵᠢ ᠰᠢᠨᠵᠢᠨ ᠰᠤᠳᠤᠯᠬᠤ ᠪᠡᠷ ᠲᠠᠮᠵᠢᠨ ᠮᠤᠡᠭᠭᠤᠯᠴᠤᠳ ᠤᠨ ᠵᠠᠡᠭᠰᠢᠯ ᠤᠨ ᠬᠠᠤᠯᠢ ᠶ᠋ᠢᠨ ᠨᠡᠶᠢᠭᠡᠮ ᠤᠨ ᠬᠦᠭ᠍ᠵᠢᠯᠳᠡ᠂ ᠬᠡᠯᠡ ᠰᠤᠶᠤᠯ ᠤᠨ ᠤᠯᠠᠮᠵᠢᠯᠠᠯ ᠳ᠋ᠤ ᠦᠵᠡᠭᠦᠯᠦᠭᠰᠡᠨ ᠦᠢᠯᠡᠳᠦᠯ ᠢ ᠨᠢ ᠬᠦᠮᠦᠰ ᠲᠤ ᠮᠡᠳᠡᠭᠦᠯᠦᠨ ᠮᠤᠡᠭᠭᠤᠯᠴᠤᠳ ᠤᠨ ᠵᠠᠡᠭᠰᠢᠯ ᠤᠨ ᠬᠠᠤᠯᠢ ᠪᠤᠯᠤᠨ ᠲᠦᠷᠦ ᠶ᠋ᠢᠨ ᠬᠠᠤᠯᠢ ᠶ᠋ᠢᠨ ᠬᠠᠷᠢᠯᠴᠠᠨ ᠨᠦᠬᠦᠪᠦᠷᠢᠯᠡᠬᠦ ᠬᠤᠪᠢᠰᠤᠡᠭᠭᠤᠢ ᠲᠤᠭᠳᠠᠯᠴᠠᠭ᠎ᠠ ᠶ᠋ᠢ ᠪᠤᠢ ᠪᠤᠯᠭᠠᠬᠤ ᠠᠷᠭ᠎ᠠ ᠵᠠᠮ ᠢ ᠬᠠᠶᠢᠨ ᠰᠦᠪᠡᠭ᠍ᠴᠢᠯᠡᠬᠦ ᠪᠡᠷ ᠵᠤᠷᠢᠯᠭ᠎ᠠ ᠪᠠᠨ ᠪᠤᠯᠭᠠᠵᠠᠢ᠃
      
      ᠭᠤᠷᠪᠠ   ᠰᠣᠳᠤᠯᠭᠠᠨ ᠤ ᠠᠴᠢ ᠬᠤᠯᠪᠤᠭᠳᠠᠯ
      
      ᠮᠤᠡᠭᠭᠤᠯᠴᠤᠳ  ‍ᠤᠨ ᠵᠠᠡᠭᠰᠢᠯ ᠤᠨ ᠬᠠᠤᠯᠢ ᠨᠢ ᠮᠤᠡᠭᠭᠤᠯ ᠰᠤᠶᠤᠯ ᠤᠨ ᠦᠨᠳᠦᠰᠦ ᠲᠠᠢ᠂ ᠮᠠᠯᠵᠢᠬᠤ ᠦᠢᠯᠡᠳᠪᠦᠷᠢᠯᠡᠯ ᠤᠨ ᠲᠡᠤᠬᠡᠨ ᠶᠠᠪᠤᠴᠠ ᠳ᠋ᠤ ᠪᠤᠢ ᠪᠤᠯᠤᠭᠰᠠᠨ ᠲᠤᠬᠠᠢ ᠶ᠋ᠢᠨ ᠭᠠᠵᠠᠷ ᠤᠷᠤᠨ ᠤ ᠪᠠᠨ ᠨᠡᠶᠢᠭᠡᠮ ᠠᠬᠤᠢ ᠲᠠᠢ ᠵᠤᠬᠢᠴᠠᠭᠰᠠᠨ ᠨᠡᠶᠢᠭᠡᠮ ᠤᠨ ᠲᠦᠷᠢᠮᠵᠢᠯ ᠪᠤᠯᠤᠭᠰᠠᠨ ᠤ ᠬᠤᠪᠢ ᠳ᠋ᠤ ᠲᠦᠷᠦ ᠶ᠋ᠢᠨ ᠬᠠᠤᠯᠢ ᠳ᠋ᠤ ᠴᠢᠬᠤᠯᠠ ᠨᠦᠬᠦᠪᠦᠷᠢᠯᠡᠬᠦ ᠦᠢᠯᠡᠳᠦᠯ ᠲᠠᠢ᠃ ᠲᠤᠰ ᠦᠭᠦᠯᠡᠯ ᠳ᠋ᠤ ᠬᠦᠢᠰᠦᠳᠦ ᠶ᠋ᠢᠨ ᠦᠷᠳᠡᠭᠡᠨ ᠤ ᠵᠠᠷᠭᠤ ᠵᠠᠭᠠᠯᠳᠤᠭᠠᠨ ᠤᠨᠴᠠᠭᠠᠢ ᠴᠦᠬᠡᠨ ᠪᠠᠶᠢᠳᠠᠭ ᠪᠤᠳᠠᠳᠤ ᠵᠢᠱᠢᠶ᠎ᠡ ᠪᠡᠷ ᠲᠠᠮᠵᠢᠭᠤᠯᠤᠨ 《 ᠵᠦᠷᠢᠴᠡᠯ — ᠠᠳᠠᠯᠢᠰᠢᠯ — ᠵᠠᠡᠭᠰᠢᠯ  ‍ᠤᠨ ᠬᠠᠤᠯᠢ 》 ᠬᠡᠭᠦ ᠭᠤᠷᠮᠤᠰᠤᠨ ᠬᠠᠷᠢᠴᠠᠭᠠᠨ ᠤ ᠡᠭᠦᠳᠡᠨ ᠡᠴᠡ ᠮᠤᠡᠭᠭᠤᠯᠴᠤᠳ ᠤᠨ ᠵᠠᠡᠭᠰᠢᠯ ᠤᠨ ᠬᠠᠤᠯᠢ  ᠶ᠋ᠢᠨ ᠢᠳᠡᠪᠬᠢ ᠨᠦᠯᠦᠭᠡ  ᠶ᠋ᠢ ᠬᠦᠮᠦᠰ ᠲᠤ ᠮᠡᠳᠡᠭᠦᠯᠵᠦ᠂ ᠬᠠᠤᠯᠢ ᠲᠤᠭᠳᠠᠭᠠᠬᠤ᠂ ᠤᠨᠴᠠᠭᠠᠶᠢᠯᠠᠨ ᠦᠨᠳᠦᠰᠦᠳᠡᠨ ᠤ ᠤᠷᠤᠨ ᠤ ᠦᠪᠡᠷᠲᠡᠭᠡᠨ ᠵᠠᠰᠠᠬᠤ ᠲᠦᠷᠢᠮ ᠢ ᠲᠤᠭᠳᠠᠭᠠᠬᠤ ᠳ᠋ᠤ ᠯᠠᠪᠯᠠᠯᠳᠠ ᠤᠯᠭᠤᠬᠤ ᠨᠢ ᠲᠤᠰ ᠦᠭᠦᠯᠡᠯ ᠤᠨ ᠨᠢᠭᠡ ᠠᠴᠢ ᠬᠤᠯᠪᠤᠭᠳᠠᠯ ᠪᠤᠯᠤᠨ᠎ᠠ᠃ ᠦᠨᠡᠨᠳᠡᠭᠡᠨ ᠵᠠᠷᠭᠤ ᠶ᠋ᠢ ᠬᠡᠨ ᠢᠶᠠᠷ ᠰᠢᠭᠦᠯᠭᠡᠬᠦ ᠪᠤᠢ᠂ ᠲᠠᠷᠤᠢ ᠵᠢᠭᠤᠷᠠᠭᠠᠨ ᠢᠶᠡᠨ ᠬᠡᠨ ᠢᠶᠠᠷ ᠰᠢᠳᠪᠦᠷᠢᠯᠡᠭᠦᠯᠬᠦ ᠪᠤᠢ ᠭᠡᠳᠡᠭ ᠨᠢ ᠨᠢᠭᠡᠨ ᠰᠤᠡᠭᠭᠤᠯᠳᠠ ᠶ᠋ᠢᠨ ᠤᠴᠢᠷ ᠪᠤᠯᠤᠨ᠎ᠠ᠃ ᠶᠠᠷᠢᠶᠠᠨ ᠦᠭᠡᠢ ᠭᠣᠷᠪᠠᠳᠠᠴᠢ ᠡᠳᠡᠭᠡᠳ ᠢ ᠰᠤᠡᠭᠭᠤᠨ ᠵᠢᠭᠤᠷᠠᠭᠠᠨ ᠢᠶᠡᠨ ᠰᠢᠢᠳᠪᠦᠷᠢᠯᠡᠬᠦ ᠨᠢ ᠵᠠᠷᠤᠳᠠᠯ ᠵᠠᠷᠤᠨ᠎ᠠ ᠭᠡᠰᠡᠨ ᠦᠭᠡ᠂ ᠬᠡᠷᠪᠡ ᠵᠢᠭᠤᠷᠠᠭᠠᠨ ᠢᠶᠡᠨ ᠵᠠᠷᠤᠳᠠᠯ ᠵᠠᠷᠤᠬᠤ ᠦᠭᠡᠢ ᠪᠡᠷ ᠦᠪᠡᠷᠰᠡᠳ ᠢᠶᠡᠨ ᠳᠤᠲᠤᠭᠠᠳᠤ ᠳ᠋ᠠᠭᠠᠨ ᠰᠢᠢᠳᠪᠦᠷᠢᠯᠡᠬᠦ ᠪᠤᠶᠤ ᠲᠤᠳᠤᠭᠠᠲᠤ ᠶ᠋ᠢᠨ ᠬᠦᠴᠦᠨ ᠢ ᠠᠰᠢᠭᠯᠠᠨ ᠵᠢᠭᠤᠷᠠᠭᠠᠨ ᠢ ᠰᠡᠷᠭᠡᠶᠢᠯᠡᠬᠦ ᠨᠢ ᠪᠦᠷ ᠵᠠᠷᠤᠳᠠᠯ ᠠᠷᠪᠢᠯᠠᠵᠤ ᠡᠬᠢ ᠪᠠᠶᠠᠯᠢᠭ ᠢᠶᠡᠨ ᠭᠠᠮᠨᠠᠵᠤ ᠴᠢᠳᠠᠭᠰᠠᠨ ᠤᠴᠢᠷ ᠪᠤᠯᠤᠨ᠎ᠠ᠃ ᠲᠤᠰ ᠦᠭᠦᠯᠡᠯ ᠤᠨ ᠨᠦᠭᠦᠭᠡ ᠨᠢᠭᠡ ᠠᠴᠢ ᠬᠤᠯᠪᠤᠭᠳᠠᠯ ᠨᠢ ᠬᠦᠢᠰᠦᠳᠦ ᠶ᠋ᠢᠨ ᠦᠷᠳᠡᠭᠡᠨ ᠤ ᠪᠤᠳᠠᠳᠤ ᠵᠢᠱᠢᠶ᠎ᠡ ᠪᠡᠷ ᠲᠠᠮᠵᠢᠭᠤᠯᠤᠨ ᠮᠤᠡᠭᠭᠤᠯᠴᠤᠳ ᠤᠨ 《ᠲᠤᠯᠤᠭᠠᠢ ᠬᠠᠭᠠᠷᠠᠪᠠᠴᠤ ᠲᠤᠭᠤᠷᠴᠤᠭ ᠲᠠᠭᠠᠨ᠂ ᠲᠤᠬᠤᠢ ᠬᠤᠭᠤᠷᠠᠪᠠᠴᠤ ᠬᠠᠨᠴᠤᠢ ᠳ᠋ᠠᠭᠠᠨ》ᠭᠡᠳᠡᠭ ᠦᠭᠡᠨ ᠡᠴᠡ ᠡᠰᠢ ᠲᠠᠢ ᠵᠦᠷᠢᠴᠡᠯ ᠢᠶᠡᠨ ᠲᠤᠳᠤᠭᠠᠳᠤ ᠳ᠋ᠠᠭᠠᠨ ᠰᠢᠢᠳᠪᠦᠷᠢᠯᠡᠬᠦ 《 ᠨᠢᠭᠤᠴᠠ ᠪᠠᠨ ᠬᠠᠮᠠᠭᠠᠯᠠᠬᠤ ᠵᠠᠷᠴᠢᠮ 》 ‍ᠢ ᠲᠤᠳᠤᠷᠠᠭᠤᠯᠬᠤ ᠶᠠᠪᠤᠳᠠᠯ ᠪᠤᠯᠤᠨ᠎ᠠ᠃
      
      ᠲᠦᠷᠪᠡ   ᠰᠤᠳᠤᠯᠭᠠᠨ ᠤ ᠠᠷᠭ᠎ᠠ
      
      ᠲᠤᠰ ᠰᠤᠳᠤᠯᠭᠠᠨ ᠳ᠋ᠤ ᠬᠦᠮᠦᠨ ᠰᠣᠳᠤᠯᠣᠯ ᠤᠨ ᠬᠡᠭᠡᠷ᠎ᠡ ᠶ᠋ᠢᠨ ᠰᠢᠨᠵᠢᠯᠡᠭᠡᠨ ᠤ ᠠᠷᠭ᠎ᠠ᠂ ᠪᠤᠳᠠᠳᠠᠢ ᠪᠡᠷ ᠬᠡᠯᠡᠪᠡᠯ ᠤᠷᠤᠯᠴᠠᠨ ᠠᠵᠢᠭᠯᠠᠬᠤ᠂ ᠠᠰᠠᠭᠤᠨ ᠰᠤᠷᠪᠤᠯᠵᠢᠯᠠᠬᠤ ᠠᠷᠭ᠎ᠠ ᠶ᠋ᠢ ᠬᠡᠷᠡᠭᠯᠡᠨ ᠨᠢᠭᠡ ᠭᠠᠳᠠᠨ᠎ᠠ ᠡᠴᠡ ᠤᠴᠢᠭᠰᠠᠨ ᠬᠦᠮᠦᠨ ᠤ ᠬᠤᠪᠢ ᠪᠡᠷ ᠬᠦᠢᠰᠦᠳᠦ ᠶ᠋ᠢᠨ ᠦᠷᠲᠡᠭᠡᠨ ᠤ ᠬᠦᠮᠦᠰ ᠤᠨ ᠠᠮᠢᠳᠤᠷᠠᠯ ᠪᠤᠯᠤᠨ ᠲᠡᠳᠡᠨᠤᠰ ᠤᠨ ᠠᠮᠢᠳᠤᠷᠠᠯ  ᠤᠨ ᠬᠢᠨᠢ ᠡᠮᠬᠢ ᠵᠢᠷᠦᠮ ᠢ ᠬᠠᠮᠠᠭᠠᠯᠠᠵᠤ ᠪᠠᠶᠢᠭ᠎ᠠ ᠬᠦᠢᠰᠦᠳᠦ ᠶ᠋ᠢᠨ ᠦᠷᠲᠡᠭᠡᠨ ᠤ ᠵᠠᠡᠭᠰᠢᠯ ᠤᠨ ᠬᠠᠤᠯᠢ ᠳ᠋ᠤ ᠠᠵᠢᠭᠯᠠᠯᠳᠠ ᠬᠢᠪᠡ᠃ ᠬᠦᠢᠰᠦᠳᠦ ᠶ᠋ᠢᠨ ᠦᠷᠲᠡᠭᠡᠨ ᠤ ᠬᠦᠮᠦᠰ ᠢ ᠬᠦᠨᠵᠡᠬᠡᠢ ᠰᠤᠷᠪᠤᠯᠵᠢᠯᠠᠵᠤ ᠲᠡᠳᠡᠨᠤᠰ ᠦᠪᠡᠷᠰᠡᠳ ᠤᠨ ᠢᠶᠡᠨ ᠠᠮᠢᠳᠤᠷᠠᠯ᠂ ᠨᠡᠶᠢᠭᠡᠮ ᠢᠶᠡᠨ ᠬᠡᠷᠬᠢᠨ ᠲᠠᠨᠢᠵᠤ ᠪᠠᠶᠢᠬᠤ ᠶ᠋ᠢ ᠠᠵᠢᠭᠯᠠᠪᠠ᠃ ᠤᠨᠴᠠᠭᠠᠢ ᠡᠴᠡ ᠶᠡᠷᠤᠩᠭᠡᠢ ᠳ᠋ᠤ ᠬᠦᠷᠬᠦ ᠠᠷᠭ᠎ᠠ ᠪᠡᠷ ᠪᠠᠶᠢᠴᠠᠭᠠᠯᠳᠠ ᠲᠤᠮᠳᠠ ᠠᠵᠢᠭᠯᠠᠭᠳᠠᠭᠰᠠᠨ ᠤᠨᠴᠠ ᠨᠢᠭᠡ ᠵᠢᠱᠢᠶ᠎ᠡ ᠶ᠋ᠢ ᠲᠡᠯᠭᠡᠷᠡᠭᠦᠯᠦᠨ ᠵᠠᠳᠠᠯᠪᠠ᠃
      
      ᠲᠠᠪᠤ    ᠡᠮᠦᠨᠡᠬᠢ ᠰᠤᠳᠤᠯᠭᠠᠨ ᠤ ᠪᠠᠶᠢᠳᠠᠯ
      
      ᠵᠠᠡᠭᠰᠢᠯ ᠤᠨ ᠬᠠᠤᠯᠢ ᠨᠢ ᠬᠠᠤᠯᠢ ᠶ᠋ᠢᠨ ᠬᠦᠮᠦᠨ ᠵᠦᠢ ᠶ᠋ᠢᠨ ᠭᠤᠤᠯ ᠰᠤᠳᠤᠯᠤᠭᠳᠠᠬᠤᠨ ᠪᠤᠯᠤᠭᠰᠠᠨ ᠤ ᠬᠤᠪᠢ ᠳ᠋ᠤ ᠤᠯᠠᠡᠭ᠍ᠬᠢ ᠬᠦᠮᠦᠨ ᠰᠤᠳᠤᠯᠤᠯ ᠤᠨ ᠪᠦᠲᠦᠭᠡᠯ ᠳ᠋ᠤ ᠨᠡᠶᠢᠭᠡᠮ ᠤᠨ ᠡᠷᠬᠡᠰᠢᠶᠡᠯ᠂ ᠡᠮᠬᠢ ᠲᠢᠭᠯᠢᠮ ᠤᠨ ᠲᠠᠯ᠎ᠠ ᠡᠴᠡ ᠰᠤᠳᠤᠯᠤᠭᠳᠠᠳᠠᠭ᠃ ᠶᠠᠷᠢᠶᠠᠨ ᠦᠭᠡᠢ ᠰᠤᠳᠤᠯᠭᠠᠨ ᠤ ᠨᠠᠷᠢᠯᠢ᠍ᠬᠵᠢᠬᠤ ᠶ᠋ᠢ ᠲᠠᠭᠠᠯᠳᠤᠨ ᠰᠤᠶᠤᠯ ᠤᠨ ᠬᠠᠷᠢᠴᠠᠡᠭᠭᠤᠢ ᠤᠨᠤᠯ ᠳ᠋ᠤ ᠦᠨᠳᠦᠰᠦᠯᠡᠭᠰᠡᠨ ᠬᠠᠤᠯᠢ ᠶ᠋ᠢᠨ ᠤᠯᠠᠨ ᠡᠰᠢᠳᠦ ᠤᠨᠤᠯ ᠲᠤᠷᠠᠳᠤᠭᠳᠠᠵᠤ᠂ ᠵᠠᠡᠭᠰᠢᠯ ᠤᠨ ᠬᠠᠤᠯᠢ ᠨᠢ 《ᠲᠦᠷᠦ ᠶ᠋ᠢᠨ ᠬᠠᠤᠯᠢ ᠪᠡᠷ ᠲᠦᠪᠯᠡᠬᠦ》 ᠦᠵᠡᠯ ᠤᠨ ᠨᠦᠯᠦᠭᠡᠨ ᠡᠴᠡ ᠮᠤᠯᠳᠤᠷᠠᠨ ᠰᠤᠳᠤᠯᠤᠭᠴᠢᠳ ᠤᠨ ᠠᠡᠭᠬᠠᠷᠤᠯ ᠳ᠋ᠤ ᠤᠷᠤᠵᠠᠢ᠃ ᠵᠠᠡᠭᠰᠢᠯ ᠤᠨ ᠬᠠᠤᠯᠢ ᠨᠢ ᠬᠠᠤᠯᠢ ᠶ᠋ᠢᠨ ᠠᠡᠭᠬᠠᠨ ᠤ ᠬᠡᠯᠪᠡᠷᠢ ᠪᠤᠯᠬᠤ ᠲᠤᠬᠠᠢ ᠠᠤᠰᠲ᠋ᠸᠷᠢᠶ᠎ᠡ ᠶ᠋ᠢᠨ ᠶᠸᠦᠭᠸᠨ ᠸᠸᠷᠯᠢᠡᠺ (Eugen Ehrlich0) 《ᠨᠡᠶᠢᠭᠡᠮ ᠪᠦᠯᠦᠭᠯᠡᠯ ᠤᠨ ᠲᠤᠳᠤᠭᠠᠳᠤ ᠶ᠋ᠢᠨ ᠡᠮᠬᠢ ᠵᠢᠷᠦᠮ ᠨᠢ ᠬᠠᠤᠯᠢ ᠶ᠋ᠢᠨ ᠬᠠᠮᠤᠭ ᠠᠡᠭᠬᠠᠨ ᠤ ᠬᠡᠯᠪᠡᠷᠢ ᠮᠦᠷᠲᠡᠭᠡᠨ ᠤᠳᠤ ᠴᠤ ᠬᠠᠤᠯᠢ ᠨᠢ ᠨᠡᠶᠢᠭᠡᠮ ᠤᠨ ᠡᠮᠬᠢ ᠵᠢᠷᠦᠮ ᠳ᠋ᠤ ᠦᠨᠳᠦᠰᠦᠯᠡᠨ ᠲᠤᠭᠳᠠᠭᠠᠭᠳᠠᠵᠤ ᠪᠠᠶᠢᠨ᠎ᠠ 》〔3〕 ᠭᠡᠵᠦ ᠦᠵᠡᠭᠰᠡᠨ ᠪᠠᠶᠢᠨ᠎ᠠ᠃ ᠲᠡᠷᠡ ᠪᠠᠰᠠ 《 ᠠᠮᠢᠳᠤ ᠬᠠᠤᠯᠢ》 ᠭᠡᠬᠦ ᠤᠬᠠᠭᠳᠠᠬᠤᠨ ᠢ ᠲᠤᠷᠠᠳᠴᠤ᠂ ᠬᠠᠤᠯᠢ ᠶ᠋ᠢᠨ ᠬᠤᠪᠢᠷᠠᠯ ᠨᠢ ᠬᠤᠪᠢᠷᠠᠵᠤ ᠤᠯᠠᠷᠢᠵᠤ ᠪᠠᠶᠢᠭ᠎ᠠ ᠬᠠᠤᠯᠢ ᠶ᠋ᠢᠨ ᠪᠢᠴᠢᠭ᠌ ᠬᠠᠷ᠎ᠠ ᠵᠢᠴᠢ ᠨᠡᠶᠢᠭᠡᠮ ᠤᠨ ᠬᠦᠭ᠍ᠵᠢᠯᠳᠡ ᠶ᠋ᠢ ᠲᠠᠭᠠᠯᠳᠤᠨ ᠬᠤᠪᠢᠷᠠᠵᠤ ᠪᠠᠶᠢᠭ᠎ᠠ ᠵᠠᠡᠭ ᠵᠠᠡᠭᠰᠢᠯ᠂ ᠬᠤᠳᠠᠯᠳᠤᠭ᠎ᠠ ᠵᠡᠷᠭᠡ  ᠶ᠋ᠢᠨ ᠬᠤᠪᠢᠷᠠᠯᠳᠠ ᠶ᠋ᠢ ᠲᠠᠭᠠᠨ ᠬᠤᠪᠢᠷᠠᠵᠤ ᠪᠠᠶᠢᠨ᠎ᠠ ᠭᠡᠵᠦ ᠦᠵᠡᠭᠰᠡᠨ ᠪᠠᠶᠢᠨ᠎ᠠ〔4〕᠃ ᠭᠸᠷᠮᠠᠨ ᠤ ᠨᠡᠶᠢᠭᠡᠮ ᠵᠦᠢ ᠶ᠋ᠢᠨ ᠡᠷᠳᠡᠮᠳᠡᠨ ᠮᠠᠺᠸᠰ ᠸᠸᠪᠸᠷ (Max Weber) ᠵᠠᠡᠭᠰᠢᠯ ᠤᠨ ᠬᠠᠤᠯᠢ ᠨᠢ ᠵᠠᠡᠭᠰᠢᠯ ᠪᠤᠢ ᠪᠤᠯᠬᠤ᠂ ᠵᠠᠡᠭᠰᠢᠯ ᠨᠢ ᠬᠦᠮᠦᠰ ᠲᠤ ᠮᠡᠳᠡᠷᠡᠭᠳᠡᠬᠦ᠂ ᠠᠯᠪᠠᠳᠠᠯᠭ᠎ᠠ ᠶ᠋ᠢᠨ ᠬᠦᠴᠦᠨ ᠢ ᠤᠯᠬᠤ ᠬᠡᠭᠦ ᠭᠤᠷᠪᠠᠨ ᠶᠠᠪᠤᠴᠠ ᠶ᠋ᠢ ᠲᠠᠮᠵᠢᠨ ᠪᠤᠢ ᠪᠤᠯᠬᠤ ᠪᠦᠭᠡᠳ ᠠᠯᠪᠠᠳᠠᠯᠭ᠎ᠠ ᠶ᠋ᠢᠨ ᠬᠦᠴᠦᠨ ᠲᠠᠢ ᠪᠠᠶᠢᠬᠤ ᠡᠰᠡᠬᠦ ᠨᠢ ᠵᠠᠡᠭᠰᠢᠯ ᠪᠤᠯᠤᠨ ᠵᠠᠡᠭᠰᠢᠯ ᠤᠨ ᠬᠠᠤᠯᠢ ᠶ᠋ᠢᠨ ᠦᠨᠳᠦᠰᠦᠨ ᠢᠯᠭᠠᠭ᠎ᠠ ᠪᠤᠯᠤᠨ᠎ᠠ᠂ ᠵᠠᠡᠭᠰᠢᠯ ᠤᠨ ᠬᠠᠤᠯᠢ ᠶ᠋ᠢᠨ ᠠᠯᠪᠠᠳᠠᠯᠭ᠎ᠠ ᠶ᠋ᠢᠨ ᠬᠦᠴᠦᠨ ᠨᠢ ᠬᠦᠮᠦᠰ ᠲᠤ ᠵᠦᠪᠰᠢᠶᠡᠷᠡᠭᠳᠡᠭᠰᠡᠨ ᠡᠰᠡᠬᠦ ᠡᠴᠡ ᠰᠢᠯᠳᠠᠭᠠᠯᠠᠬᠤ ᠪᠦᠭᠡᠳ ᠡᠳ᠋ ᠪᠤᠳᠠᠰ ᠪᠤᠶᠤ ᠤᠶᠤᠨ ᠰᠠᠨᠠᠭᠠᠨ ᠤ ᠵᠠᠯᠬᠠᠭᠠᠯ ᠢᠶᠠᠷ ᠪᠠᠳᠤᠯᠠᠭ᠎ᠠ ᠪᠤᠯᠭᠠᠳᠠᠭ ᠭᠡᠵᠦ ᠦᠵᠡᠵᠡᠢ 〔5〕᠃ ᠶᠠᠫᠤᠨ ᠤ ᠬᠠᠤᠯᠢ ᠶ᠋ᠢᠨ ᠨᠡᠶᠢᠭᠡᠮ ᠵᠦᠢ ᠶ᠋ᠢᠨ ᠡᠷᠳᠡᠮᠳᠡᠨ ᠮᠠᠰᠠᠵᠢ ᠴᠢᠪᠠ︵Chiba Masaji) 《ᠬᠠᠤᠯᠢ ᠶ᠋ᠢᠨ ᠤᠯᠠᠨ ᠡᠰᠢᠳᠦ ᠤᠨᠤᠯ 》 ᠭᠡᠬᠦ ᠨᠤᠮ ᠳ᠋ᠠᠭᠠᠨ ᠬᠠᠤᠯᠢ ᠶ᠋ᠢ ᠠᠯᠪᠠᠨ ᠤ ᠬᠠᠤᠯᠢ ᠪᠤᠯᠤᠨ ᠠᠯᠪᠠᠨ ᠤ ᠪᠤᠰᠤ ᠬᠠᠤᠯᠢ ᠭᠡᠮᠡᠨ ᠠᠡᠭ᠍ᠬᠢᠯᠠᠵᠤ᠂ 《 ᠠᠯᠪᠠᠨ ᠤ ᠪᠤᠰᠤ ᠬᠠᠤᠯᠢ ᠭᠡᠳᠡᠭ ᠪᠤᠯ ᠲᠦᠷᠦ ᠳ᠋ᠤ ᠮᠡᠳᠡᠷᠡᠭᠳᠡᠭᠰᠡᠨ ᠦᠭᠡᠢ ᠪᠤᠯᠪᠠᠴᠤ ᠨᠢᠭᠡ ᠪᠦᠯᠦᠭ ᠬᠦᠮᠦᠰ᠂ ᠡᠰᠡᠭᠦᠯ᠎ᠡ ᠨᠢᠭᠡ ᠤᠯᠤᠰ ᠤᠨ ᠲᠤᠳᠤᠷᠠᠬᠢ ᠨᠢᠭᠡ ᠪᠦᠯᠦᠭ ᠬᠦᠮᠦᠰ ᠪᠤᠶᠤ ᠨᠢᠭᠡ ᠤᠯᠤᠰ ᠤᠨ ᠬᠠᠷᠢᠶᠠᠨ ᠡᠴᠡ ᠲᠠᠪᠠᠭᠰᠠᠨ ᠨᠢᠭᠡ ᠪᠦᠯᠦᠭ ᠬᠦᠮᠦᠰ ᠤᠨ ᠦᠢᠯᠡᠳᠦᠯᠭᠡ ᠲᠤᠮᠳᠠ ᠬᠠᠮᠳᠤᠪᠡᠷ ᠮᠡᠳᠡᠷᠡᠭᠰᠡᠨ ᠬᠠᠤᠯᠢ ᠶ᠋ᠢᠨ ᠰᠢᠰᠲ᠋ᠸᠮ ᠪᠤᠯᠤᠨ᠎ᠠ〔6〕》 ᠭᠡᠵᠦ ᠲᠠᠶᠢᠯᠪᠤᠷᠢᠯᠠᠵᠠᠢ᠃ ᠬᠠᠤᠯᠢ ᠶ᠋ᠢᠨ ᠬᠦᠮᠦᠨ ᠵᠦᠢ ᠶ᠋ᠢᠨ ᠡᠷᠳᠡᠮᠳᠡᠳ ᠰᠡᠭᠦᠯ ᠤᠨ ᠦᠶ᠎ᠡ ᠳ᠋ᠤ ᠨᠡᠶᠢᠭᠡᠮ ᠤᠨ ᠬᠤᠪᠢᠰᠤᠯ ᠤᠨ ᠶᠠᠪᠤᠴᠠ ᠳ᠋ᠡᠬᠢ ᠲᠦᠷᠦ ᠶ᠋ᠢᠨ ᠬᠠᠤᠯᠢ ᠪᠤᠯᠤᠨ ᠵᠠᠡᠭᠰᠢᠯ ᠤᠨ ᠬᠠᠤᠯᠢ ᠶ᠋ᠢᠨ ᠦᠢᠯᠡᠴᠢᠯᠡᠯ  ᠳ᠋ᠤ ᠠᠡᠭᠬᠠᠷᠤᠯ ᠢᠶᠡᠨ ᠬᠠᠨᠳᠤᠭᠤᠯᠵᠠᠢ᠃ ᠡᠭᠦᠨ ᠤ ᠨᠢᠭᠡ ᠵᠢᠱᠢᠶ᠎ᠡ ᠨᠢ ᠠᠮᠸᠷᠢᠺᠠ ᠶ᠋ᠢᠨ ᠬᠠᠤᠯᠢ ᠶ᠋ᠢᠨ ᠬᠦᠮᠦᠨ ᠵᠦᠢ ᠢᠨ ᠡᠷᠳᠡᠮᠳᠡᠨ ᠰᠠᠸᠯᠢ᠂ ᠹᠠᠯᠺ᠂ ᠮᠤᠸᠸᠷ︵Sally Falk Moore)《ᠬᠠᠭᠠᠰ ᠦᠪᠡᠰᠦᠪᠡᠨ ᠰᠢᠢᠳᠬᠦ ᠤᠨᠤᠯ Semi-Autonomous Social Field Theory》 ᠢ ᠲᠤᠷᠠᠳᠴᠠᠢ᠃ ᠲᠡᠭᠦᠨ ᠤ ᠦᠵᠡᠬᠦ ᠪᠡᠷ 《ᠶᠠᠮᠠᠷ ᠴᠤ ᠨᠡᠶᠢᠭᠡᠮ ᠳ᠋ᠤ ᠪᠦᠷ ᠬᠠᠭᠠᠰ ᠦᠪᠡᠷᠳᠡᠭᠡᠨ ᠰᠢᠢᠳᠦᠭᠰᠡᠨ ᠪᠦᠯᠬᠦᠮ ᠤᠷᠤᠰᠢᠵᠤ ᠪᠠᠶᠢᠬᠤ ᠪᠦᠭᠡᠳ ᠦᠪᠡᠰᠦᠪᠡᠨ ᠵᠢᠷᠦᠮ ᠭᠤᠷᠢᠮ ᠲᠤᠭᠳᠠᠭᠠᠵᠤ᠂ ᠬᠦᠮᠦᠰ ᠢ ᠠᠯᠪᠠᠳᠠᠯᠭ᠎ᠠ ᠪᠡᠷ ᠪᠤᠶᠤ ᠠᠷᠭᠠᠳᠠᠨ ᠲᠤᠰ ᠵᠢᠷᠤᠮ ᠭᠤᠷᠢᠮ ᠢᠶᠡᠨ ᠰᠠᠬᠢᠭᠤᠯᠳᠠᠭ᠃ ᠲᠡᠭᠦᠨ ᠤ ᠤᠷᠤᠰᠢᠵᠤ ᠪᠠᠶᠢᠭ᠎ᠠ ᠶᠡᠬᠡ ᠨᠡᠶᠢᠭᠡᠮ ᠨᠢ ᠵᠠᠷᠢᠮ ᠳ᠋ᠠᠭᠠᠨ ᠡᠨᠡᠬᠦ ᠬᠠᠭᠠᠰ ᠦᠪᠡᠰᠦᠪᠠᠨ ᠰᠢᠢᠳᠬᠦ ᠵᠢᠵᠢᠭ ᠪᠦᠯᠬᠦᠮ ᠤᠨ ᠱᠠᠭᠠᠷᠳᠠᠯᠭ᠎ᠠ ᠪᠡᠷ᠂ ᠵᠠᠷᠢᠮ ᠳ᠋ᠠᠭᠠᠨ ᠦᠪᠡᠷ ᠤᠨ ᠬᠦᠰᠡᠯ ᠢᠶᠠᠷ ᠢᠶᠡᠨ ᠲᠤᠰ ᠵᠢᠵᠢᠭ ᠪᠦᠯᠬᠦᠮ ᠳ᠋ᠤ ᠭᠠᠷ ᠲᠦᠷᠦᠨ ᠨᠦᠯᠦᠭᠡᠯᠡᠳᠡᠭ᠃ ᠡᠨᠡᠬᠦ ᠬᠠᠭᠠᠰ ᠦᠪᠡᠰᠦᠪᠠᠨ ᠰᠢᠢᠳᠬᠦ ᠨᠡᠶᠢᠭᠡᠮ ᠤᠨ ᠬᠦᠷᠢᠶᠡᠨ ᠳ᠋ᠤ ᠲᠤᠳᠤᠭᠠᠳᠤ ᠶ᠋ᠢᠨ ᠲᠦᠷᠢᠮ ᠲᠤᠭᠳᠠᠭᠠᠯ ᠢᠶᠡᠨ ᠬᠦᠴᠦᠨ ᠲᠠᠢ ᠪᠤᠯᠭᠠᠬᠤ ᠶᠠᠪᠤᠴᠠ ᠨᠢ ᠲᠦᠷᠦ ᠶ᠋ᠢᠨ ᠬᠠᠤᠯᠢ ᠶ᠋ᠢᠨ ᠬᠡᠷᠡᠭᠵᠢᠭᠦᠯᠦᠭᠳᠡᠬᠦ ᠶ᠋ᠢ ᠰᠢᠭᠤᠳ ᠨᠦᠯᠦᠭᠡᠯᠡᠳᠡᠭ᠃ ᠡᠨᠡᠬᠦ ᠶᠠᠪᠤᠴᠠ ᠨᠢ ᠬᠠᠤᠯᠢ  ᠲᠦᠷᠢᠮ᠂ ᠬᠠᠤᠯᠢ ᠪᠤᠰᠤ ᠲᠦᠷᠢᠮ ᠲᠤᠭᠳᠠᠭᠠᠯ᠂ ᠬᠠᠤᠯᠢ ᠡᠴᠡ ᠪᠤᠰᠤᠳ ᠲᠦᠷᠢᠮ ᠲᠤᠭᠳᠠᠭᠠᠯ ᠤᠨ ᠵᠤᠬᠢᠴᠠᠯᠳᠤᠬᠤ ᠶᠠᠪᠤᠴᠠ ᠪᠤᠯᠤᠨ᠎ᠠ〔7〕》᠃ ᠠᠮᠸᠷᠢᠺᠠ  ᠶ᠋ᠢᠨ ᠬᠠᠤᠯᠢ  ᠶ᠋ᠢᠨ ᠬᠦᠮᠦᠨ ᠵᠦᠢ  ᠶ᠋ᠢᠨ ᠡᠷᠳᠡᠮᠳᠡᠨ ᠷᠤᠪᠸᠷᠲ᠂ C᠂ ᠡᠸᠯᠢᠺᠰᠸᠨ (Robert C᠂Ellickson) 《 ᠬᠠᠤᠯᠢ ᠬᠡᠷᠡᠭᠰᠡᠬᠦ ᠦᠭᠡᠢ ᠲᠢᠭᠯᠢᠮ — ᠰᠠᠬᠠᠭᠠᠯᠳᠠ ᠬᠦᠮᠦᠰ ᠬᠡᠷᠬᠢᠨ ᠵᠢᠭᠤᠷᠠᠭᠠᠨ ᠢᠶᠡᠨ ᠰᠢᠢᠳᠪᠦᠷᠢᠯᠡᠳᠡᠭ ᠪᠤᠢ》 ᠬᠡᠬᠦ ᠨᠤᠮ ᠳ᠋ᠠᠭᠠᠨ ᠠᠮᠸᠷᠢᠺᠠ ᠶ᠋ᠢᠨ ᠱᠠᠰᠲ᠋ᠠ ᠰᠢᠶᠠᠨ ᠤ ᠮᠠᠯᠴᠢᠳ ᠤᠨ ᠵᠢᠭᠤᠷᠠᠭᠠᠨ ᠢᠶᠡᠨ ᠰᠢᠳᠪᠦᠷᠢᠯᠡᠬᠦ ᠵᠠᠡᠭᠰᠢᠯ ᠤᠨ ᠬᠠᠤᠯᠢ  ᠳ᠋ᠤ ᠠᠵᠢᠭᠯᠠᠯᠳᠠ ᠬᠢᠵᠦ᠂ 《ᠬᠠᠤᠯᠢ ᠲᠤᠭᠳᠠᠭᠠᠭᠴᠢ ᠬᠡᠷᠪᠡ ᠠᠯᠪᠠᠨ ᠤ ᠪᠤᠰᠤ ᠬᠠᠮᠳᠤᠷᠠᠯᠴᠠᠭ᠎ᠠ ᠶ᠋ᠢ ᠠᠬᠢᠭᠤᠯᠵᠤ ᠪᠠᠶᠢᠭ᠎ᠠ ᠨᠡᠶᠢᠭᠡᠮ ᠤᠨ ᠨᠦᠬᠦᠴᠡᠯ ᠢ ᠬᠦᠢᠴᠡᠳ ᠠᠡᠭᠬᠠᠷᠬᠤ ᠦᠭᠡᠢ ᠳ᠋ᠤ ᠬᠦᠷᠪᠡᠯ ᠬᠠᠤᠯᠢ ᠲᠤᠭᠳᠠᠭᠠᠴᠢ ᠨᠠᠷ ᠬᠠᠤᠯᠢ ᠤᠯᠠᠨᠳᠠᠢ᠂ ᠲᠢᠭᠯᠢᠮ ᠮᠠᠭᠤᠲᠠᠢ ᠨᠡᠶᠢᠭᠡᠮ ᠢ ᠪᠤᠢ ᠪᠤᠯᠭᠠᠵᠤ ᠮᠡᠳᠡᠨ᠎ᠡ〔8〕》 ᠭᠡᠵᠦ ᠳ᠋ᠦᠡᠭᠨᠡᠵᠡᠢ᠃ ᠲᠤᠮᠳᠠᠳᠤ ᠤᠯᠤᠰ ‍ᠤᠨ ᠴᠦᠬᠡᠨ ᠲᠤᠭᠠᠳᠤ ᠦᠨᠳᠦᠰᠦᠳᠡᠨ ᠤ ᠵᠠᠡᠭᠰᠢᠯ ᠤᠨ ᠬᠠᠤᠯᠢ ᠶ᠋ᠢᠨ ᠲᠤᠬᠠᠢ ᠶᠠᠫᠤᠨ ‍ᠤ ᠡᠷᠳᠡᠮᠳᠡᠨ ᠺᠣᠵᠢᠷᠣ ᠨᠢᠱᠢᠮᠦᠷ᠎ᠠ ( Nishimura Kojiro) 《 ᠲᠤᠮᠳᠠᠳᠤ ᠤᠯᠤᠰ ‍ᠤᠨ ᠦᠨᠳᠦᠰᠦᠳᠡᠨ ‍ᠤ ᠬᠠᠤᠯᠢ ᠲᠦᠷᠢᠮᠵᠢᠯ ‍ᠤᠨ ᠶᠡᠷᠦᠡᠭ᠍ᠬᠡᠢ ᠰᠤᠳᠤᠯᠭᠠᠨ 》 ᠭᠡᠬᠦ ᠠᠵᠢᠯᠯᠠᠭ᠎ᠠ ᠶ᠋ᠢ ᠲᠤᠯᠤᠭᠠᠶᠢᠯᠠᠨ ᠠᠵᠢᠯᠯᠠᠵᠤ 《ᠲᠤᠮᠳᠠᠳᠤ ᠤᠯᠤᠰ ‍ᠤᠨ ᠵᠠᠬ᠎ᠠ ᠲᠡᠯᠭᠡᠬᠦᠷ ‍ᠤᠨ ᠠᠵᠤ ᠠᠬᠤᠢ ᠪᠤᠯᠤᠨ ᠦᠨᠳᠦᠰᠦᠳᠡᠨ ‍ᠤ ᠬᠠᠤᠯᠢ ᠲᠦᠷᠢᠮᠵᠢᠯ — ᠴᠦᠬᠡᠨ ᠲᠤᠭᠠᠳᠤ ᠦᠨᠳᠦᠰᠦᠳᠡᠨ ‍ᠤ ᠨᠦᠬᠡᠴᠡ ᠲᠠᠢ ᠬᠦ᠍ᠭ᠍ᠵᠢᠯᠳᠡ ᠪᠤᠯᠤᠨ ᠬᠠᠤᠯᠢ ᠲᠦᠷᠢᠮ ‍ᠤᠨ ᠪᠠᠶᠢᠭᠤᠯᠤᠮᠵᠢ ᠶ᠋ᠢᠨ ᠬᠤᠪᠢᠷᠠᠯᠳᠠ》ᠭᠡᠬᠦ ᠨᠤᠮ ‍ᠢ ᠬᠡᠪᠯᠡᠭᠦᠯᠵᠦ᠂ ᠲᠤᠰ ᠨᠤᠮ ‍ᠤᠨ ᠢᠶᠡᠨ ᠵᠢᠷᠭᠤᠳᠤᠭᠠᠷ ᠪᠦᠯᠦᠭ ᠲᠤ ᠴᠦᠬᠡᠨ ᠲᠤᠭᠠᠳᠤ ᠦᠨᠳᠦᠰᠦᠳᠡᠨ ᠵᠦᠪᠬᠡᠨ ᠲᠦᠷᠦ ᠶ᠋ᠢᠨ ᠬᠠᠤᠯᠢ ᠶ᠋ᠢ ᠴᠢᠬᠤᠯᠴᠢᠯᠠᠬᠤ ᠪᠢᠰᠢ᠂ ᠬᠠᠷᠢᠨ ᠲᠡᠳᠡᠭᠡᠷ ᠤᠨ ᠴᠠᠭ ‍ᠤᠨ ᠤᠷᠤᠰᠬᠠᠯ ᠳ᠋ᠤ ᠲᠡᠰᠴᠦ ᠦᠯᠡᠳᠡᠭᠰᠡᠨ ᠵᠠᠡᠭᠰᠢᠯ ‍ᠤᠨ ᠬᠠᠤᠯᠢ ᠪᠠᠨ ᠴᠤ ᠬᠦᠨᠳᠦᠳᠬᠡᠨ ᠦᠵᠡᠵᠦ᠂ ᠲᠦᠷᠦ ᠶ᠋ᠢᠨ ᠬᠠᠤᠯᠢ ᠳ᠋ᠤ ᠴᠦᠬᠡᠨ ᠲᠤᠭᠠᠳᠤ ᠦᠨᠳᠦᠰᠦᠳᠡᠨ ‍ᠤ ᠵᠠᠡᠭᠰᠢᠯ ‍ᠤᠨ ᠬᠠᠤᠯᠢ ᠶ᠋ᠢᠨ ᠠᠭᠤᠯᠭ᠎ᠠ ᠶ᠋ᠢ ᠰᠢᠡᠭ᠍ᠭᠡᠭᠡᠵᠦ ᠵᠤᠬᠢᠬᠤ ᠬᠡᠮᠵᠢᠶ᠎ᠡ ᠪᠡᠷ ᠢᠯᠡᠷᠡᠭᠦᠯᠪᠡᠯ ᠵᠤᠬᠢᠰᠳᠠᠢ ᠭᠡᠵᠦ ᠦᠵᠡᠭᠰᠡᠨ ᠪᠠᠶᠢᠨ᠎ᠠ᠃ ᠴᠦᠬᠡᠨ ᠲᠤᠭᠠᠳᠤ ᠦᠨᠳᠦᠰᠦᠳᠡᠨ ᠤ ᠵᠠᠡᠭᠰᠢᠯ ᠤᠨ ᠬᠠᠤᠯᠢ ᠨᠢ ᠤᠯᠤᠰ ᠤᠨ ᠲᠤᠳᠤᠭᠠᠳᠤ ᠶ᠋ᠢᠨ ᠬᠠᠤᠯᠢ ᠶ᠋ᠢᠨ ᠬᠦᠮᠦᠨ ᠰᠤᠳᠤᠯᠤᠯ ᠤᠨ ᠡᠷᠳᠡᠮᠳᠡᠳ ᠤᠨ ᠭᠤᠤᠯ ᠰᠤᠳᠤᠯᠭᠠᠨ ᠤ ᠰᠡᠳᠦᠪ ᠪᠠᠶᠢᠵᠦ᠂ ᠡᠭᠦᠨ ᠳ᠋ᠤ ᠯᠥᠩ ᠳ᠋ᠠ ᠰᠢᠤᠸᠠᠨ ᠤ 《 ᠤᠷᠤᠨ ᠨᠤᠳᠤᠭ ᠤᠨ ᠲᠢᠭᠯᠢᠮ ᠪᠤᠯᠤᠨ ᠠᠷᠠᠳ ᠤᠨ ᠲᠤᠮᠳᠠᠬᠢ ᠬᠠᠤᠯᠢ —ᠴᠢᠶᠠᠡᠭ ᠦᠨᠳᠦᠰᠦᠳᠡᠨ ᠤ ᠵᠠᠡᠭᠰᠢᠯ ᠤᠨ ᠬᠠᠤᠯᠢ ᠶ᠋ᠢᠨ ᠰᠤᠳᠤᠯᠤᠯ》᠂ ᠭᠤᠤ ᠴᠢ ᠽᠠᠢ ᠶ᠋ᠢᠨ 《 ᠲᠤᠮᠳᠠᠳᠤ ᠤᠯᠤᠰ ᠤᠨ ᠴᠦᠬᠡᠨ ᠲᠤᠭᠠᠳᠤ ᠦᠨᠳᠦᠰᠦᠳᠡᠨ ᠤ ᠵᠠᠡᠭᠰᠢᠯ ᠤᠨ ᠬᠠᠤᠯᠢ ᠶ᠋ᠢᠨ ᠰᠤᠳᠤᠯᠭᠠᠨ 》᠂ ᠯᠦᠸᠸ ᠾᠦᠡᠭ ᠰᠢᠶᠠᠡᠭ ‍ᠤᠨ 《 ᠬᠠᠤᠯᠢ ᠶ᠋ᠢᠨ ᠬᠦᠮᠦᠨ ᠰᠤᠳᠤᠯᠤᠯ ᠤᠨ ᠤᠨᠤᠯ ᠪᠤᠯᠤᠨ ᠦᠢᠯᠡᠳᠦᠯᠭᠡ》᠂ ᠵᠸᠦ ᠰᠢᠶᠠᠡᠭ ᠴᠢᠡᠭ ᠤᠨ 《 ᠬᠠᠤᠯᠢ ᠶ᠋ᠢᠨ ᠬᠦᠮᠦᠨ ᠰᠤᠳᠤᠯᠤᠯ ᠤᠨ ᠤᠨᠤᠯ ᠤᠨ ᠠᠰᠠᠭᠤᠳᠠᠯ ᠤᠨ ᠰᠤᠳᠤᠯᠤᠯ 》 ᠵᠡᠷᠭᠡ ᠪᠦᠲᠦᠭᠡᠯ ᠪᠤᠢ᠃ ᠮᠤᠡᠭᠭᠤᠯᠴᠤᠳ ᠤᠨ ᠵᠠᠡᠭᠰᠢᠯ ᠤᠨ ᠬᠠᠤᠯᠢ ᠶ᠋ᠢᠨ ᠲᠤᠬᠠᠢ 1934 ᠤᠨ ᠳ᠋ᠤ ᠶᠠᠫᠤᠨᠴᠤᠳ ‍ᠤᠨ ᠴᠤᠭᠯᠠᠭᠤᠯᠵᠤ ᠡᠮᠬᠢᠳᠬᠡᠭ᠍ᠰᠡᠨ 《 ᠮᠤᠡᠭᠭᠤᠯ ᠦᠨᠳᠦᠰᠦᠳᠡᠨ ‍ᠤ ᠵᠠᠡᠭᠰᠢᠯ ‍ᠤᠨ ᠬᠠᠤᠯᠢ》ᠨᠢ ᠨᠡᠯᠢᠶᠡᠳ ᠡᠷᠳᠡ ᠦᠶ᠎ᠡ ᠶ᠋ᠢᠨ ᠮᠤᠡᠭᠭᠤᠯᠴᠤᠳ ‍ᠤᠨ ᠵᠠᠡᠭᠰᠢᠯ ‍ᠤᠨ ᠬᠠᠤᠯᠢ ᠶ᠋ᠢᠨ ᠲᠤᠬᠠᠢ ᠰᠤᠳᠤᠯᠭᠠᠨ ‍ᠤ ᠪᠦᠲᠦᠭᠡᠯ ᠪᠤᠯᠤᠨ᠎ᠠ᠃ ᠭᠥᠸᠧ ᠰᠢᠶᠣᠣ ᠬᠠᠨ 《 ᠮᠤᠡᠭᠭᠤᠯᠴᠤᠳ ‍ᠤᠨ ᠵᠠᠡᠭᠰᠢᠯ ‍ᠤᠨ ᠬᠠᠤᠯᠢ ᠶ᠋ᠢᠨ ᠦᠨᠳᠦᠰᠦᠳᠡᠨ ‍ᠤ ᠤᠷᠤᠨ ‍ᠤ ᠬᠠᠤᠯᠢ ᠴᠠᠭᠠᠵᠠ ᠶ᠋ᠢᠨ ᠪᠦᠳᠦᠭᠡᠨ ᠪᠠᠶᠢᠭᠤᠯᠤᠯᠳᠠ ᠳ᠋ᠠᠬᠢ ᠨᠦᠯᠦᠭᠡ》 ᠭᠡᠬᠦ ᠦᠭᠦᠯᠡᠯ ᠳ᠋ᠤ ᠪᠠᠨ ᠮᠤᠡᠭᠭᠤᠯᠴᠤᠳ ‍ᠤᠨ ᠵᠠᠡᠭᠰᠢᠯ ‍ᠤᠨ ᠬᠠᠤᠯᠢ ᠶ᠋ᠢᠨ ᠠᠬᠤᠶᠢᠴᠢ ᠠᠴᠢ ᠬᠤᠯᠪᠤᠭᠳᠠᠯ ‍ᠢ ᠬᠡᠳᠦᠨ ᠲᠠᠯ᠎ᠠ ᠡᠴᠡ ᠵᠠᠳᠠᠯᠵᠤ᠂ ᠮᠤᠡᠭᠭᠤᠯᠴᠤᠳ ‍ᠤᠨ ᠵᠠᠡᠭᠰᠢᠯ ‍ᠤᠨ ᠬᠠᠤᠯᠢ ᠪᠤᠯᠤᠨ ᠲᠦᠷᠦ ᠶ᠋ᠢᠨ ᠬᠠᠤᠯᠢ ᠶ᠋ᠢᠨ ᠵᠦᠷᠢᠴᠡᠯ ‍ᠢ ᠬᠡᠷᠬᠢᠨ ᠵᠤᠬᠢᠴᠠᠭᠤᠯᠬᠤ ᠲᠤᠬᠠᠢ ᠠᠷᠭ᠎ᠠ ᠵᠠᠮ ‍ᠢ ᠰᠦᠪᠡᠭ᠍ᠴᠢᠯᠡᠵᠡᠢ᠃ ᠮᠤᠡᠭᠭᠤᠯᠴᠤᠳ ᠤᠨ ᠵᠠᠡᠭᠰᠢᠯ ᠤᠨ ᠬᠠᠤᠯᠢ ᠶ᠋ᠢᠨ ᠦᠢᠯᠡᠳᠦᠯ ᠤᠨ ᠲᠤᠬᠠᠢ ᠬᠠᠤᠯᠢ ᠶ᠋ᠢᠨ ᠬᠦᠮᠦᠨ ᠵᠦᠢ ᠶ᠋ᠢᠨ ᠬᠠᠷᠠᠭᠠᠰᠤ ᠡᠴᠡ ᠰᠤᠳᠤᠯᠤᠭᠰᠠᠨ ᠰᠤᠳᠤᠯᠭᠠᠨ ᠤᠯᠤᠰ ᠤᠨ ᠲᠤᠲᠤᠭᠠᠳᠤ ᠳ᠋ᠤ ᠬᠠᠷᠠᠬᠠᠨ ᠦᠵᠡᠭᠳᠡᠭᠡ ᠦᠭᠡᠢ ᠤᠴᠢᠷ ᠡᠴᠡ ᠰᠤᠳᠤᠯᠬᠤ ᠦᠨ᠎ᠡ ᠴᠠᠨ᠎ᠠ ᠲᠠᠢ ᠭᠡᠵᠦ ᠦᠵᠡᠵᠦ ᠪᠠᠶᠢᠨ᠎ᠠ᠃ ᠮᠠᠨ  ᠤ ᠤᠯᠤᠰ  ᠤᠨ ᠦᠨᠳᠦᠰᠦᠳᠡᠨ  ᠤ ᠤᠷᠤᠨ  ᠤ ᠦᠪᠡᠷᠲᠡᠭᠡᠨ ᠵᠠᠰᠠᠬᠤ ᠬᠠᠤᠯᠢ ‍ᠢᠢᠨ ᠲᠤᠬᠠᠢ ᠬᠠᠤᠯᠢ ᠲᠤᠭᠳᠠᠭᠠᠬᠤ ᠵᠤᠭᠰᠤᠴᠠ ᠡᠴᠡ ᠰᠤᠳᠤᠯᠤᠭᠰᠠᠨ ᠰᠤᠳᠤᠯᠭᠠᠨ ᠤᠯᠠᠨ ᠬᠠᠷᠠᠭᠳᠠᠳᠠᠭ ᠪᠤᠯᠪᠠᠴᠤ ᠬᠠᠤᠯᠢ  ᠢᠢᠨ ᠬᠦᠮᠦᠨ ᠰᠤᠳᠤᠯᠤᠯ  ᠤᠨ ᠵᠤᠭᠰᠤᠴᠠ ᠡᠴᠡ ᠴᠦᠬᠡᠨ ᠲᠤᠭᠠᠳᠤ ᠦᠨᠳᠦᠰᠦᠳᠡᠨ  ᠤ ᠴᠦᠬᠡᠨ ᠲᠤᠭᠠᠳᠤ ᠦᠨᠳᠦᠰᠦᠳᠡᠨ  ᠤ ᠦᠪᠡᠷᠲᠡᠭᠡᠨ ᠵᠠᠰᠠᠬᠤ ᠲᠦᠷᠢᠮ ᠲᠤᠭᠳᠠᠭᠠᠬᠤ ᠲᠤᠬᠠᠢ ᠰᠤᠳᠤᠯᠤᠭᠰᠠᠨ ᠰᠤᠳᠤᠯᠭᠠᠨ ᠬᠠᠷᠠᠭᠳᠠᠬᠤ ᠦᠭᠡᠢ ᠪᠠᠶᠢᠨ᠎ᠠ᠃ ᠤᠨᠴᠠᠭᠠᠢᠯᠠᠨ ᠴᠦᠬᠡᠨ ᠲᠤᠭᠠᠳᠤ ᠦᠨᠳᠦᠰᠦᠳᠡᠨ  ᠤ ᠬᠠᠤᠯᠢ ᠴᠠᠭᠠᠵᠠ   ᠵᠢ ᠬᠤᠪᠢᠰᠬᠠᠨ ᠬᠡᠷᠡᠭᠵᠢᠬᠦᠯᠬᠦ ᠡᠷᠬᠡ  ᠢᠢᠨ ᠲᠤᠬᠠᠢ ᠶᠠᠮᠠᠷ ᠨᠢᠭᠡᠨ ᠰᠤᠳᠤᠯᠭᠠᠨ  ᠤ ᠴᠡᠭ ᠲᠤ ᠰᠠᠭᠤᠷᠢᠯᠠᠨ ᠰᠤᠳᠤᠯᠤᠭᠰᠠᠨ ᠰᠤᠳᠤᠯᠭᠠᠨ ᠬᠠᠷᠠᠭᠳᠠᠬᠤ ᠦᠭᠡᠢ ᠪᠠᠢᠬᠤ ᠪᠤᠯᠬᠤᠷ ᠰᠤᠳᠤᠯᠬᠤ ᠦᠨ᠎ᠡ ᠴᠠᠨ᠎ᠠ ᠲᠠᠢ ᠭᠡᠵᠦ ᠦᠵᠡᠵᠦ ᠪᠠᠶᠢᠨ᠎ᠠ᠃
      
      ᠵᠢᠷᠭᠤᠭ᠎ᠠ    ᠤᠨᠤᠯ ᠤᠨ ᠦᠨᠳᠦᠰᠦᠯᠡᠯ
      
      ᠨᠢᠭᠡ᠂ ᠬᠠᠤᠯᠢ ᠶ᠋ᠢᠨ ᠤᠯᠠᠨ ᠡᠰᠢᠳᠤ ᠤᠨᠤᠯ᠄ ᠨᠢᠭᠡᠨ ᠨᠡᠶᠢᠭᠡᠮ ᠳ᠋ᠤ ᠬᠤᠶᠠᠷ ᠡᠴᠡ ᠲᠡᠭᠡᠭ᠍ᠰᠢ ᠬᠠᠤᠯᠢ ᠶ᠋ᠢᠨ ᠰᠢᠰᠲ᠋ᠸᠮ ᠲᠠᠢ᠂ ᠡᠨᠡ ᠨᠢ ᠰᠤᠶᠤᠯ ᠤᠨ ᠤᠯᠠᠨ ᠶᠠᠡᠭᠵᠤᠳᠤ ᠰᠢᠨᠵᠢ ᠡᠴᠡ ᠰᠢᠯᠳᠠᠭᠠᠯᠠᠵᠠᠢ᠃
      ᠬᠤᠶᠠᠷ᠂ ᠬᠠᠭᠠᠰ ᠦᠪᠡᠰᠦᠪᠡᠨ ᠰᠢᠢᠳᠬᠦ ᠤᠨᠤᠯ᠄ ᠶᠠᠮᠠᠷ ᠴᠤ ᠨᠡᠶᠢᠭᠡᠮ ᠳ᠋ᠤ ᠪᠦᠷ ᠬᠠᠭᠠᠰ ᠦᠪᠡᠷᠳᠡᠭᠡᠨ ᠰᠢᠢᠳᠦᠭᠰᠡᠨ ᠪᠦᠯᠬᠦᠮ ᠤᠷᠤᠰᠢᠵᠤ ᠪᠠᠶᠢᠬᠤ ᠪᠦᠭᠡᠳ ᠦᠪᠡᠰᠦᠪᠡᠨ ᠵᠢᠷᠦᠮ ᠭᠤᠷᠢᠮ ᠲᠤᠭᠳᠠᠭᠠᠵᠤ᠂ ᠬᠦᠮᠦᠰ ᠢ ᠠᠯᠪᠠᠳᠠᠯᠭ᠎ᠠ ᠪᠡᠷ ᠪᠤᠶᠤ ᠠᠷᠭᠠᠳᠠᠨ ᠲᠤᠰ ᠵᠢᠷᠤᠮ ᠭᠤᠷᠢᠮ ᠢᠶᠡᠨ ᠰᠠᠬᠢᠭᠤᠯᠳᠠᠭ᠃ ᠲᠡᠭᠦᠨ ᠤ ᠤᠷᠤᠰᠢᠵᠤ ᠪᠠᠶᠢᠭ᠎ᠠ ᠶᠡᠬᠡ ᠨᠡᠶᠢᠭᠡᠮ ᠨᠢ ᠵᠠᠷᠢᠮ ᠳ᠋ᠠᠭᠠᠨ ᠡᠨᠡᠬᠦ ᠬᠠᠭᠠᠰ ᠦᠪᠡᠰᠦᠪᠠᠨ ᠰᠢᠢᠳᠬᠦ ᠵᠢᠵᠢᠭ ᠪᠦᠯᠬᠦᠮ ᠤᠨ ᠱᠠᠭᠠᠷᠳᠠᠯᠭ᠎ᠠ ᠪᠡᠷ᠂ ᠵᠠᠷᠢᠮ ᠳ᠋ᠠᠭᠠᠨ ᠦᠪᠡᠷ ᠤᠨ ᠬᠦᠰᠡᠯ ᠢᠶᠠᠷ ᠢᠶᠡᠨ ᠲᠤᠰ ᠵᠢᠵᠢᠭ ᠪᠦᠯᠬᠦᠮ ᠳ᠋ᠤ ᠭᠠᠷ ᠲᠦᠷᠦᠨ ᠨᠦᠯᠦᠭᠡᠯᠡᠳᠡᠭ᠃ ᠡᠨᠡᠬᠦ ᠬᠠᠭᠠᠰ ᠦᠪᠡᠰᠦᠪᠠᠨ ᠰᠢᠢᠳᠬᠦ ᠨᠡᠶᠢᠭᠡᠮ ᠤᠨ ᠬᠦᠷᠢᠶᠡᠨ ᠳ᠋ᠤ ᠲᠤᠳᠤᠭᠠᠳᠤ ᠶ᠋ᠢᠨ ᠲᠦᠷᠢᠮ ᠲᠤᠭᠳᠠᠭᠠᠯ ᠢᠶᠡᠨ ᠬᠦᠴᠦᠨ ᠲᠠᠢ ᠪᠤᠯᠭᠠᠬᠤ ᠶᠠᠪᠤᠴᠠ ᠨᠢ ᠲᠦᠷᠦ ᠶ᠋ᠢᠨ ᠬᠠᠤᠯᠢ ᠶ᠋ᠢᠨ ᠬᠡᠷᠡᠭᠵᠢᠭᠦᠯᠦᠭᠳᠡᠬᠦ ᠶ᠋ᠢ ᠰᠢᠭᠤᠳ ᠨᠦᠯᠦᠭᠡᠯᠡᠳᠡᠭ᠃ ᠡᠨᠡᠬᠦ ᠶᠠᠪᠤᠴᠠ ᠨᠢ ᠬᠠᠤᠯᠢ ᠲᠦ᠋ᠷᠢᠮ᠂ ᠬᠠᠤᠯᠢ ᠪᠤᠰᠤ ᠲᠦᠷᠢᠮ ᠲᠤᠭᠳᠠᠭᠠᠯ᠂ ᠬᠠᠤᠯᠢ ᠡᠴᠡ ᠪᠤᠰᠤᠳ ᠲᠦᠷᠢᠮ ᠲᠤᠭᠳᠠᠭᠠᠯ ᠨᠣᠭᠣᠳ ᠤᠨ ᠵᠤᠬᠢᠴᠠᠯᠳᠤᠬᠤ ᠶᠠᠪᠤᠴᠠ ᠪᠤᠯᠤᠨ᠎ᠠ᠃
      
      
      
      
      
      ᠵᠡᠭᠦᠯᠳᠡ᠄
      〔1〕 王启梁᠄ 《习惯法/民间法研究范式的批判性理解—兼论社会控制概念在法学研究中的运用可能》᠂现代法学2006年09月第28卷第5期
      〔2〕 谢晖᠄ |《法人类学视角的法:静态与动态》᠂ 政法论丛 第3 期2014年6月
      〔3〕〔4〕 尤根 • 埃利希著〔奥〕叶名怡᠂袁震译《法律社会学基本原理》26᠂ 369 ᠳ᠋ᠤᠭᠡᠷ ᠨᠢᠭᠤᠷ᠂中国社会科学出版社 2009
      〔5〕 周相卿᠄《法人类学理论问题研究》 47 ᠳ᠋ᠤᠭᠡᠷ ᠨᠢᠭᠤᠷ᠂ 民族出版社 2009 ᠡᠴᠡ ᠲᠠᠮ ᠡᠰᠢᠯᠡᠪᠡ
      〔6〕 千叶正士著 〔日〕张世功等译《法律多元 — 从日本法律文化迈向一般理论》150 ᠳ᠋ᠤᠭᠠᠷ ᠨᠢᠭᠤᠷ᠂中国政法大学出版社 1997
      〔7〕 Moore Sally Falk.《法律与社会变迁:以半自治社会领域作为适切的研究主题》᠂ 转引自李婉琳᠄ 《社会变迁中的法律 — 穆尔发人类学思想研究》᠂中国人民公安大学出版社 2011
      〔8〕 罗伯特 • C • 埃里克森著〔美〕苏力译《无需法律的秩序—令人如何解决纠纷》 354 ᠳ᠋ᠤᠭᠠᠷ ᠨᠢᠭᠤᠷ᠂中国政法大学出版社 2003
      
      
      
      
      
      
      
      
      
      
                                  
      
      
      
      


  ᠨᠠᠰᠤᠠᠠᠤᠷᠲᠦ
   2018-04-15 12:06
   164 
    124 
    
0
  



   
 








     
             
   13847635928   qinggis@163.com
           sorqin@sorqin.com
 ICP   12001629  
    15042102000103  