     
   ☆☆
       
  3737222
   4896
   2012-03-04
   2018-07-15
  3439
 
 
【    】
ᠮᠤᠡᠭᠭᠤᠯᠴᠤᠳ ᠤᠨ ᠵᠠᠡᠭᠰᠢᠯ ᠤᠨ ᠬᠠᠤᠯᠢ ᠶ᠋ᠢᠨ ᠦᠢᠯᠡᠳᠦᠯ ᠢ ᠦᠭᠦᠯᠡᠬᠦ ᠨᠢ — ᠎᠎ᠾᠸᠪᠸᠢ ᠮᠤᠵᠢ ᠶ᠋ᠢᠨ ᠱᠠᠡᠭ ᠢ ᠰᠢᠶᠠᠨ ᠤ ᠬᠦᠢᠰᠦᠳᠦ ᠶ᠋ᠢᠨ ᠦᠷᠲᠡᠭᠡ ᠪᠡᠷ ᠵᠢᠱᠢᠶᠡᠯᠡᠬᠦ ᠨᠢ   

                                       

                                        

ᠨᠢᠭᠡᠳᠦᠭᠡᠷ ᠪᠦᠯᠦᠭ   ᠬᠦᠢᠰᠦᠳᠦ ᠶ᠋ᠢᠨ ᠦᠷᠳᠡᠭᠡᠨ 
       ᠤ ᠲᠤᠶᠢᠮᠦ    ᠪᠠᠶᠢᠳᠠᠯ
      
      
      ᠠᠷᠪᠠᠨ ᠭᠤᠷᠪᠠᠳᠤᠭᠠᠷ ᠵᠠᠭᠤᠨ ᠤ ᠦᠶ᠎ᠡ ᠪᠤᠶᠤ ᠮᠤᠡᠭᠭᠤᠯᠴᠤᠳ ᠤᠨ ᠬᠦᠭ᠍ᠵᠢᠯ ᠤᠨ ᠤᠷᠭᠢᠯ ᠤᠨ ᠦᠶ᠎ᠡ ᠳ᠋ᠤ ᠮᠤᠡᠭᠭᠤᠯ ᠤᠷᠤᠨ ᠳ᠋ᠤ ᠦᠷᠲᠡᠭᠡ ᠤᠯᠠᠭ᠎ᠠ ᠪᠤᠢ ᠪᠤᠯᠵᠤ᠂ ᠤᠳᠤᠬᠠᠨ ᠤ ᠲᠤᠤᠷ ᠰᠦᠯᠵᠢᠶ᠎ᠡ ᠰᠢᠭ᠌ ᠮᠤᠷᠢᠨ ᠲᠤᠭᠤᠷᠠᠢ ᠪᠡᠷ ᠲᠡᠯᠡᠬᠡᠢ ᠶ᠋ᠢ ᠬᠤᠯᠪᠤᠵᠤ᠂ ᠦᠷᠳᠡᠭᠡ ᠤᠯᠠᠭ᠎ᠠ ᠪᠡᠷ ᠪᠤᠰᠤᠳ ᠢ ᠨᠤᠶᠠᠷᠬᠠᠵᠤ ᠪᠠᠶᠢᠭᠰᠠᠨ ᠪᠤᠯ ᠮᠠᠨᠵᠦ ᠴᠢᠡᠭ ᠤᠨ ᠦᠶ᠎ᠡ ᠳ᠋ᠤ ᠦᠷᠲᠡᠭᠡ ᠤᠯᠠᠭ᠎ᠠ ᠨᠢ ᠪᠤᠰᠤᠳ ᠦᠨᠳᠦᠰᠦᠳᠡᠨ ᠮᠤᠡᠭᠭᠤᠯ ᠤᠷᠤᠨ ᠢ ᠲᠠᠶᠢᠯᠠᠨ ᠲᠠᠭᠠᠭᠤᠯᠬᠤ ᠵᠢᠴᠢ ᠨᠤᠶᠠᠷᠬᠠᠬᠤ ᠪᠦᠳᠦᠮᠵᠢᠳᠡᠢ ᠠᠷᠭ᠎ᠠ ᠠᠪᠴᠠᠯ ᠪᠤᠯᠵᠠᠢ᠃ ᠬᠡᠳᠦᠶᠢᠪᠡᠷ ᠴᠠᠭ ᠲᠦᠷᠦ ᠶ᠋ᠢᠨ ᠰᠤᠯᠢᠭᠳᠠᠯ ᠢᠶᠠᠷ ᠦᠷᠲᠡᠭᠡ ᠤᠯᠠᠭ᠎ᠠ ᠨᠢ ᠲᠡᠤᠬᠡ ᠶ᠋ᠢᠨ ᠲᠠᠪᠴᠠᠡᠭ ᠡᠴᠡ ᠰᠠᠯᠵᠤ᠂ ᠤᠳᠤᠬᠢᠴᠢᠯᠠᠭᠰᠠᠨ ᠴᠢᠮᠡᠭᠡ ᠨᠡᠪᠲᠡᠷᠡᠭᠦᠯᠭᠡ ᠶ᠋ᠢᠨ ᠰᠢᠰᠲ᠋ᠸᠮ ᠢᠶᠠᠷ ᠤᠷᠤᠯᠠᠭᠳᠠᠭᠰᠠᠨ ᠪᠤᠯᠪᠠᠴᠤ ᠤᠯᠠᠭ᠎ᠠ ᠦᠷᠲᠡᠭᠡᠨ ᠤ ᠢᠮ ᠲᠠᠮᠠᠭ᠎ᠠ ᠬᠠᠷᠠᠬᠠᠨ ᠪᠦᠷᠢᠨ ᠪᠠᠯᠠᠷᠠᠭ᠎ᠠ ᠦᠭᠡᠢ᠂ ᠤᠨᠴᠠᠭᠠᠶᠢᠯᠠᠨ ᠮᠤᠡᠭᠭᠤᠯ ᠤᠷᠤᠨ ᠪᠤᠶᠤ ᠦᠪᠦᠷ ᠮᠤᠡᠭᠭᠤᠯ ᠳ᠋ᠤ ᠠᠳᠠᠯᠢ ᠪᠤᠰᠤ ᠬᠡᠯᠪᠡᠷᠢ ᠪᠡᠷ ᠤᠷᠤ ᠮᠦᠷ ᠢᠶᠡᠨ ᠦᠯᠡᠳᠡᠭᠡᠵᠡᠢ᠃ ᠡᠭᠦᠨ ᠤ ᠨᠢᠭᠡ ᠲᠤᠳᠤ ᠵᠢᠱᠢᠶ᠎ᠡ ᠨᠢ ᠦᠪᠦᠷ ᠮᠤᠡᠭᠭᠤᠯ ᠤᠨ ᠤᠯᠠᠨ ᠭᠠᠵᠠᠷ ᠲᠤ ᠪᠠᠶᠢᠳᠠᠭ ᠲᠠᠪᠢᠨ ᠠᠶᠢᠯ᠂ ᠲᠠᠪᠢᠨ ᠭᠡᠷ ᠪᠤᠯᠤᠨ᠎ᠠ᠃ ᠮᠤᠡᠭᠭᠤᠯ ᠦᠷᠲᠡᠭᠡ ᠤᠯᠠᠭ᠎ᠠ ᠨᠢ ᠤᠤᠯ ᠨᠢ ᠪᠤᠭᠤᠮᠳᠠ ᠶ᠋ᠢᠨ ᠬᠤᠶᠢᠨ᠎ᠠ ᠪᠤᠶᠤ ᠴᠠᠭᠠᠨ ᠬᠡᠷᠡᠮ ᠤᠨ ᠭᠠᠳᠠᠨ᠎ᠠ ᠴᠢᠡᠭ ᠤᠯᠤᠰ ᠤᠨ ᠦᠶ᠎ᠡ ᠶ᠋ᠢᠨ ᠲᠤᠳᠤᠭᠠᠳᠤ ᠮᠤᠡᠭᠭᠤᠯ ᠤᠨ ᠨᠤᠲᠤᠭ ᠲᠤ ᠪᠠᠶᠢᠭᠰᠠᠨ ᠪᠤᠯ ᠴᠠᠭ ᠲᠦᠷᠦ ᠰᠤᠯᠢᠭᠳᠠᠵᠤ᠂ ᠵᠠᠰᠠᠭ ᠵᠠᠬᠢᠷᠭᠠᠨ ᠤ ᠬᠠᠷᠢᠶᠠᠯᠠᠯ ᠤᠯᠠᠨ ᠬᠤᠪᠢᠰᠤᠭᠰᠠᠨ ᠤ ᠦᠷ᠎ᠡ ᠳ᠋ᠦᠡᠭ ᠳ᠋ᠤ ᠣᠣᠯ ᠤᠨ ᠵᠠᠷᠢᠮ ᠮᠤᠡᠭᠭᠤᠯ ᠦᠷᠲᠡᠭᠡ ᠨᠢ ᠬᠢᠳᠡᠳ ᠮᠤᠵᠢ ᠶ᠋ᠢᠨ ᠬᠠᠷᠢᠶᠠᠨ ᠳ᠋ᠤ ᠤᠷᠤᠵᠠᠢ᠃ ᠮᠠᠨ ᠤ ᠤᠯᠤᠰ ᠤᠨ ᠬᠠᠤᠯᠢ ᠶ᠋ᠢᠨ ᠲᠤᠭᠳᠠᠭᠠᠯ ᠢᠶᠠᠷ ᠬᠤᠰᠢᠭᠤ ᠰᠢᠶᠠᠨ ᠡᠴᠡ ᠲᠡᠭᠡᠭ᠍ᠰᠢᠬᠢ ᠵᠠᠰᠠᠭ ᠵᠠᠬᠢᠷᠭᠠᠨ ᠤ ᠨᠢᠭᠡᠴᠢ ᠨᠢ ᠰᠠᠶ‍ᠢ ᠦᠨᠳᠦᠰᠦᠳᠡᠨ ᠤ ᠦᠪᠡᠷᠲᠡᠭᠡᠨ ᠵᠠᠰᠠᠬᠤ ᠲᠦᠷᠢᠮ ᠢ ᠬᠡᠷᠡᠭᠵᠢᠭᠦᠯᠵᠦ ᠪᠤᠯᠬᠤ ᠪᠤᠯᠬᠤᠷ ᠰᠤᠮᠤ ᠭᠠᠴᠠᠭᠠᠨ ᠤ ᠬᠡᠪᠴᠢᠶ᠎ᠡ ᠲᠠᠢ ᠴᠦᠬᠡᠨ ᠲᠤᠭᠠᠳᠤ ᠦᠨᠳᠦᠰᠦᠳᠡᠨ ᠲᠦᠪᠯᠡᠷᠡᠨ ᠰᠠᠭᠤᠭᠰᠠᠨ ᠭᠠᠵᠠᠷ ᠤᠨ ᠬᠦᠮᠦᠰ ᠦᠨᠳᠦᠰᠦᠳᠡᠨ ᠤ ᠤᠷᠤᠨ ᠤ ᠦᠪᠡᠷᠲᠡᠭᠡᠨ ᠵᠠᠰᠠᠬᠤ ᠬᠠᠤᠯᠢ ᠶ᠋ᠢᠨ ᠲᠠᠭᠠᠤ ᠦᠪᠡᠷᠲᠡᠭᠡᠨ ᠵᠠᠰᠠᠬᠤ ᠡᠷᠬᠡ ᠡᠳ᠋ᠯᠡᠵᠦ ᠴᠢᠳᠠᠬᠤ ᠦᠭᠡᠢ᠃ ᠡᠶᠢᠮᠦᠷᠬᠦ ᠨᠢᠭᠡ ᠵᠢᠱᠢᠶ᠎ᠡ ᠨᠢ ᠾᠸᠪᠸᠢ ᠮᠤᠵᠢ ᠶ᠋ᠢᠨ ᠱᠠᠡᠭ ᠢ ᠰᠢᠶᠠᠨ ᠳ᠋ᠤ ᠪᠠᠶᠢᠭ᠎ᠠ ᠤᠤᠯ ᠤᠨ ᠬᠦᠢᠰᠦᠳᠦ ᠶ᠋ᠢᠨ ᠦᠷᠲᠡᠭᠡ ᠪᠤᠶᠤ ᠲᠠᠪᠤᠳᠤᠭᠠᠷ ᠦᠷᠲᠡᠭᠡᠨ ‍ᠤ ᠮᠤᠡᠭᠭᠤᠯ ᠬᠤᠳᠠ ᠪᠤᠯᠤᠨ᠎ᠠ᠃ ᠬᠦᠢᠰᠦᠳᠦ ᠶ᠋ᠢᠨ ᠦᠷᠲᠡᠭᠡᠨ ᠤ ᠮᠤᠡᠭᠭᠤᠯᠴᠤᠳ ᠦᠨᠳᠦᠰᠦᠳᠡᠨ ᠤ ᠦᠪᠡᠷᠲᠡᠭᠡᠨ ᠵᠠᠰᠠᠬᠤ ᠡᠷᠬᠡ ᠡᠳ᠋ᠯᠡᠵᠦ ᠪᠠᠶᠢᠬᠤ ᠦᠭᠡᠢ᠂ ᠦᠨᠳᠦᠰᠦᠨ ᠱᠠᠳᠤᠨ ᠤ ᠦᠪᠡᠷᠲᠡᠭᠡᠨ ᠵᠠᠰᠠᠬᠤ ᠡᠷᠬᠡ ᠶ᠋ᠢ ᠴᠤ ᠰᠠᠶᠢᠨ ᠤᠶᠢᠯᠠᠭᠠᠭᠰᠠᠨ ᠦᠭᠡᠢ ᠪᠤᠯᠪᠠᠴᠤ ᠦᠪᠡᠷᠰᠡᠳ ᠤᠨ ᠪᠦᠯᠬᠦᠮ ᠴᠤᠭᠴᠠ ᠶ᠋ᠢᠨ ᠢᠶᠡᠨ ᠠᠮᠢᠳᠤᠷᠠᠯ ᠢ ᠵᠤᠬᠢᠴᠠᠭᠤᠯᠬᠤ ᠵᠠᠡᠭᠰᠢᠯ ᠤᠨ ᠬᠠᠤᠯᠢ ᠶ᠋ᠢ ᠪᠤᠯᠪᠠᠰᠤᠷᠠᠭᠤᠯᠵᠠᠢ᠃
      
      ᠨᠢᠭᠡᠳᠦᠭᠡᠷ ᠬᠡᠰᠡᠭ    ᠬᠦᠢᠰᠦᠳᠦ ᠶ᠋ᠢᠨ ᠦᠷᠳᠡᠭᠡᠨ ᠤ ᠲᠤᠶᠢᠮᠦ ᠲᠡᠤᠬᠡ
      
      ᠬᠦᠢᠰᠦᠳᠦ ᠶ᠋ᠢᠨ ᠦᠷᠲᠡᠭᠡᠨ ᠤ ᠲᠡᠤᠬᠡ ᠶ᠋ᠢ ᠶᠠᠷᠢᠬᠤ ᠳ᠋ᠤ ᠴᠢᠡᠭ ᠤᠯᠤᠰ ᠤᠨ ᠦᠶ᠎ᠡ ᠶ᠋ᠢᠨ ᠤᠯᠠᠭ᠎ᠠ ᠦᠷᠲᠡᠭᠡᠨ ᠤ ᠲᠡᠤᠬᠡ ᠡᠴᠡ ᠡᠬᠢᠯᠡᠵᠦ ᠶᠠᠷᠢᠬᠤ ᠤᠴᠢᠷᠲᠠᠢ᠃ ᠴᠢᠡᠭ ᠤᠯᠤᠰ ᠪᠤᠭᠤᠮᠳᠠ ᠶ᠋ᠢᠨ ᠭᠠᠳᠠᠨ᠎ᠠ ᠲᠠᠪᠤᠨ ᠵᠠᠮ ᠤᠨ ᠤᠯᠠᠭ᠎ᠠ ᠦᠷᠲᠡᠭᠡ ᠪᠠᠶᠢᠭᠤᠯᠵᠤ᠂ ᠮᠤᠡᠭᠭᠤᠯ ᠤᠷᠤᠨ ᠢ ᠨᠤᠶᠠᠷᠬᠠᠵᠤ ᠪᠠᠶᠢᠵᠠᠢ᠃ ᠡᠨᠡᠬᠦ ᠲᠠᠪᠤᠨ ᠵᠠᠮ ᠤᠨ ᠦᠷᠲᠡᠭᠡ ᠨᠢ ᠪᠠᠶᠠᠰᠬᠤᠯᠠᠡᠭ ᠬᠠᠳᠠᠳᠤ ᠬᠠᠭᠠᠯᠭᠠᠨ ᠦᠷᠲᠡᠭᠡ᠂ ᠮᠤᠯᠳᠤᠰᠢ ᠬᠠᠭᠠᠯᠭᠠᠨ ᠦᠷᠲᠡᠭᠡ᠂ ᠦᠷᠦᠭᠡᠰᠦᠨ ᠴᠢᠯᠠᠭᠤᠳᠤ ᠬᠠᠭᠠᠯᠭᠠᠨ ᠦᠷᠲᠡᠭᠡ᠂ ᠱᠦᠷᠭᠡᠢ ᠬᠠᠭᠠᠯᠭᠠᠨ ᠦᠷᠲᠡᠭᠡ᠂ ᠴᠢᠭᠤᠯᠤᠯᠳᠤ ᠬᠠᠭᠠᠯᠭᠠᠨ ᠦᠷᠲᠡᠭᠡ ᠪᠤᠯᠤᠨ᠎ᠠ᠃
      ᠨᠢᠭᠡ᠂ ᠪᠠᠶᠠᠰᠬᠤᠯᠠᠡᠭ ᠬᠠᠳᠠᠳᠤ ᠬᠠᠭᠠᠯᠭᠠᠨ ᠦᠷᠳᠡᠭᠡ᠄ ᠪᠡᠭᠡᠵᠢᠡᠭ ᠡᠴᠡ ᠪᠠᠶᠠᠰᠬᠤᠯᠠᠡᠭ ᠬᠠᠳᠠᠳᠤ ᠬᠠᠭᠠᠯᠭ᠎ᠠ ᠪᠡᠷ ᠲᠠᠮᠵᠢᠨ ᠵᠤᠰᠤᠳᠤ᠂ ᠵᠤᠤ ᠤᠳᠠ᠂ ᠵᠢᠷᠢᠮ ᠭᠤᠷᠪᠠᠨ ᠠᠶᠢᠮᠠᠭ ᠤᠨ ᠬᠠᠷᠠᠴᠢᠨ ᠪᠠᠷᠠᠭᠤᠨ ᠭᠠᠷᠤᠨ ᠬᠤᠰᠢᠭᠤ᠂ ᠬᠠᠷᠠᠴᠢᠨ ᠲᠤᠮᠳᠠᠳᠤ ᠬᠤᠰᠢᠭᠤ᠂ ᠬᠠᠷᠠᠴᠢᠨ ᠵᠡᠭᠦᠨ ᠭᠠᠷᠤᠨ ᠬᠤᠰᠢᠭᠤ᠂ ᠲᠦᠮᠡᠳ ᠪᠠᠷᠠᠭᠤᠨ ᠭᠠᠷᠤᠨ ᠬᠤᠰᠢᠭᠤ᠂ ᠲᠦᠮᠡᠳ ᠵᠡᠭᠦᠨ ᠭᠠᠷᠤᠨ ᠬᠤᠰᠢᠭᠤ᠂ ᠬᠠᠯᠬ᠎ᠠ ᠵᠡᠭᠦᠨ ᠭᠠᠷᠤᠨ ᠬᠤᠰᠢᠭᠤ᠂ ᠤᠤᠬᠠᠨ ᠬᠤᠰᠢᠭᠤ᠂ ᠨᠠᠢᠮᠠᠨ ᠬᠤᠰᠢᠭᠤ᠂ ᠵᠠᠷᠤᠳ ᠵᠡᠭᠦᠨ ᠭᠠᠷᠤᠨ ᠬᠤᠰᠢᠭᠤ᠂ ᠵᠠᠷᠤᠳ ᠪᠠᠷᠠᠭᠤᠨ ᠭᠠᠷᠤᠨ ᠬᠤᠰᠢᠭᠤ᠂ ᠬᠤᠷᠴᠢᠨ ᠵᠡᠭᠦᠨ ᠭᠠᠷᠤᠨ ᠬᠤᠶᠢᠳᠤ ᠬᠤᠰᠢᠭᠤ᠂ ᠬᠤᠷᠴᠢᠨ ᠵᠡᠭᠦᠨ ᠭᠠᠷᠤᠨ ᠲᠤᠮᠳᠠᠳᠤ ᠬᠤᠰᠢᠭᠤ᠂ ᠬᠤᠷᠴᠢᠨ ᠵᠡᠭᠦᠨ ᠭᠠᠷᠤᠨ ᠡᠮᠦᠨᠡᠳᠦ ᠬᠤᠰᠢᠭᠤ᠂ ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤ᠂ ᠭᠤᠷᠯᠤᠰ ᠬᠤᠶᠢᠲᠤ ᠬᠤᠰᠢᠭᠤ᠂ ᠭᠤᠷᠯᠤᠰ ᠡᠮᠦᠨᠡᠳᠦ ᠬᠤᠰᠢᠭᠤ᠂ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤ᠂ ᠬᠤᠷᠴᠢᠨ ᠪᠠᠷᠠᠭᠤᠨ ᠭᠠᠷᠤᠨ ᠬᠤᠶᠢᠳᠤ ᠬᠤᠰᠢᠭᠤ᠂ ᠵᠠᠯᠠᠶᠢᠳ ᠬᠤᠰᠢᠭᠤ᠂ ᠲᠦᠷᠪᠡᠳ ᠬᠤᠰᠢᠭᠤ ᠵᠡᠷᠭᠡ ᠬᠤᠷᠢᠨ ᠬᠤᠰᠢᠭᠤ ᠶ᠋ᠢ ᠲᠠᠭᠠᠷᠢᠵᠤ ᠵᠠᠯᠠᠶᠢᠳ ᠬᠤᠰᠢᠭᠤᠨ ᠤ ᠬᠠᠳᠠᠶᠢᠬᠠᠨ ᠬᠦᠷᠳᠡᠭ 〔1〕᠂ ᠬᠠᠳᠠᠶᠢᠬᠠᠨ ᠨᠢ ᠤᠳᠤ ᠶ᠋ᠢᠨ ᠬᠠᠷᠠᠮᠦ᠋ᠷᠡᠨ ᠮᠤᠵᠢ ᠶ᠋ᠢᠨ ᠴᠢᠴᠢᠬᠠᠷ ᠬᠤᠳᠠ ᠶ᠋ᠢᠨ ᠯᠦᠡᠭ ᠵᠢᠶᠠᠡᠭ ᠰᠢᠶᠠᠨ ᠤ ᠪᠠᠷᠠᠭᠤᠨ ᠡᠮᠦᠨ᠎ᠡ ᠬᠡᠰᠡᠭ ᠲᠤ ᠪᠤᠢ 〔2〕᠃ 《 ᠪᠡᠭᠡᠵᠢᠡᠭ ᠡᠴᠡ ᠪᠠᠶᠠᠰᠬᠤᠯᠠᠡᠭᠳᠤ ᠬᠠᠭᠠᠯᠭ᠎ᠠ ᠬᠦᠷᠳᠡᠯ᠎ᠡ ᠲᠦᠷᠪᠡᠨ ᠵᠠᠭᠤᠨ ᠭᠠᠵᠠᠷ᠂ ᠪᠠᠶᠠᠰᠬᠤᠯᠠᠡᠭᠳᠤ ᠬᠠᠭᠠᠯᠭ᠎ᠠ ᠡᠴᠡ ᠵᠠᠯᠠᠶᠢᠳ ᠬᠤᠰᠢᠭᠤ ᠬᠦᠷᠳᠡᠯ᠎ᠡ ᠨᠢᠭᠡ ᠮᠢᠡᠭᠭ᠎ᠠ ᠵᠢᠷᠭᠤᠭᠠᠨ ᠵᠠᠭᠤᠨ ᠭᠠᠵᠠᠷ᠂ ᠨᠡᠶᠢᠳᠡ ᠬᠤᠶᠠᠷ ᠮᠢᠡᠭᠭ᠎ᠠ ᠪᠦᠭᠡᠳ ᠠᠷᠪᠠ ᠭᠠᠷᠤᠢ ᠭᠠᠵᠠᠷ》〔3〕᠃
      ᠬᠤᠶᠠᠷ᠂ ᠮᠤᠯᠳᠤᠰᠢ ᠬᠠᠭᠠᠯᠭᠠᠨ ᠦᠷᠲᠡᠭᠡ᠄ ᠮᠤᠯᠳᠤᠰᠢ ᠬᠠᠭᠠᠯᠭ᠎ᠠ ᠪᠡᠷ ᠲᠠᠮᠵᠢᠨ ᠵᠤᠤ ᠤᠳᠠ᠂ ᠰᠢᠯᠢ ᠶ᠋ᠢᠨ ᠭᠤᠤᠯ ᠬᠤᠶᠠᠷ ᠠᠶᠢᠮᠠᠭ ᠤᠨ ᠤᠡᠭᠨᠢᠭᠤᠳ ᠪᠠᠷᠠᠭᠤᠨ ᠭᠠᠷᠤᠨ ᠬᠤᠰᠢᠭᠤ᠂ ᠤᠡᠭᠨᠢᠭᠤᠳ ᠵᠡᠭᠦᠨ ᠭᠠᠷᠤᠨ ᠬᠤᠰᠢᠭᠤ᠂ ᠵᠠᠷᠤᠳ ᠵᠡᠭᠦᠨ ᠭᠠᠷᠤᠨ ᠬᠤᠰᠢᠭᠤ᠂ ᠵᠠᠷᠤᠳ ᠪᠠᠷᠠᠭᠤᠨ ᠭᠠᠷᠤᠨ ᠬᠤᠰᠢᠭᠤ᠂ ᠪᠠᠭᠠᠷᠢᠨ ᠪᠠᠷᠠᠭᠤᠨ ᠭᠠᠷᠤᠨ ᠬᠤᠰᠢᠭᠤ᠂ ᠪᠠᠭᠠᠷᠢᠨ ᠵᠡᠭᠦᠨ ᠭᠠᠷᠤᠨ ᠬᠤᠰᠢᠭᠤ᠂ ᠠᠷᠤ ᠬᠤᠷᠴᠢᠨ ᠬᠤᠰᠢᠭᠤ᠂ ᠦᠵᠦᠮᠦᠴᠢᠨ ᠪᠠᠷᠠᠭᠤᠨ ᠭᠠᠷᠤᠨ ᠬᠤᠰᠢᠭᠤ᠂ ᠦᠵᠦᠮᠦᠴᠢᠨ ᠵᠡᠭᠦᠨ ᠬᠤᠰᠢᠭᠤ ᠵᠡᠷᠭᠡ ᠶᠢᠰᠦᠨ ᠬᠤᠰᠢᠭᠤ ᠪᠡᠷ ᠲᠠᠮᠵᠢᠨ ᠦᠵᠦᠮᠦᠴᠢᠨ ᠵᠡᠭᠦᠨ ᠭᠠᠷᠤᠨ ᠬᠤᠰᠢᠭᠤᠨ ᠤ ᠠᠷᠤ ᠬᠠᠮᠠᠷ ᠬᠦᠷᠳᠡᠭ᠂ ᠮᠤᠯᠳᠤᠰᠢ ᠬᠠᠭᠠᠯᠭ᠎ᠠ ᠡᠴᠡ ᠠᠷᠤ ᠬᠠᠮᠠᠷ ᠬᠦᠷᠳᠡᠯ᠎ᠡ ᠶᠢᠰᠦᠨ ᠵᠠᠭᠤ ᠬᠤᠷᠢᠨ ᠭᠤᠷᠪᠠᠨ ᠭᠠᠵᠠᠷ 〔4〕᠃
      ᠭᠤᠷᠪᠠ᠂ ᠦᠷᠦᠭᠡᠰᠦᠨ ᠴᠢᠯᠠᠭᠤᠳᠤ ᠬᠠᠭᠠᠯᠭᠠᠨ ᠦᠷᠳᠡᠭᠡ᠄ ᠪᠡᠭᠡᠵᠢᠡᠭ ᠡᠴᠡ ᠦᠷᠦᠭᠡᠰᠦᠨ ᠴᠢᠯᠠᠭᠤᠳᠤ ᠬᠠᠭᠠᠯᠭ᠎ᠠ ᠪᠡᠷ ᠲᠠᠮᠵᠢᠨ ᠴᠠᠬᠠᠷ ᠤᠨ ᠵᠡᠭᠦᠨ ᠭᠠᠷ ᠪᠠ ᠵᠤᠤ ᠤᠳᠠ᠂ ᠰᠢᠯᠢ ᠶ᠋ᠢᠨ ᠭᠤᠤᠯ ᠬᠤᠶᠠᠷ ᠠᠶᠢᠮᠠᠭ ᠤᠨ ᠬᠡᠰᠢᠭᠳᠡᠨ᠂ ᠠᠪᠠᠭ᠎ᠠ ᠪᠠᠷᠠᠭᠤᠨ ᠭᠠᠷᠤᠨ ᠬᠤᠰᠢᠭᠤ᠂ ᠠᠪᠠᠭ᠎ᠠ ᠵᠡᠭᠦᠨ ᠭᠠᠷᠤᠨ ᠬᠤᠰᠢᠭᠤ᠂ ᠠᠪᠠᠭᠠᠨᠠᠷ ᠪᠠᠷᠠᠭᠤᠨ ᠭᠠᠷᠤᠨ ᠬᠤᠰᠢᠭᠤ᠂ ᠠᠪᠠᠭᠠᠨᠠᠷ ᠵᠡᠭᠦᠨ ᠭᠠᠷᠤᠨ ᠬᠤᠰᠢᠭᠤ᠂ ᠬᠠᠭᠤᠴᠢᠳ ᠪᠠᠷᠠᠭᠤᠨ ᠭᠠᠷᠤᠨ ᠬᠤᠰᠢᠭᠤ᠂ ᠬᠠᠭᠤᠴᠢᠳ ᠵᠡᠭᠦᠨ ᠭᠠᠷᠤᠨ ᠬᠤᠰᠢᠭᠤ ᠵᠡᠷᠭᠡ ᠲᠤᠯᠤᠭᠠᠨ ᠬᠤᠰᠢᠭᠤ ᠶ᠋ᠢ ᠲᠠᠭᠠᠷᠢᠨ ᠬᠤᠯᠤᠳᠤ ᠬᠦᠷᠳᠡᠭ᠂ ᠮᠤᠯᠳᠤᠰᠢ ᠬᠠᠭᠠᠯᠭ᠎ᠠ ᠡᠴᠡ ᠬᠠᠭᠤᠴᠢᠳ ᠬᠦᠷᠳᠡᠯ᠎ᠡ ᠵᠢᠷᠭᠤᠭᠠᠨ ᠵᠠᠭᠤ ᠨᠠᠶᠠᠨ ᠲᠠᠪᠤᠨ ᠭᠠᠵᠠᠷ 〔5〕᠃
      ᠲᠦᠷᠪᠡ᠂ ᠱᠦᠷᠬᠡᠢ ᠬᠠᠭᠠᠯᠭᠠᠨ ᠦᠷᠲᠡᠭᠡ᠄ ᠪᠡᠭᠡᠵᠢᠡᠭ ᠡᠴᠡ ᠱᠦᠷᠬᠡᠢ ᠬᠠᠭᠠᠯᠭ᠎ᠠ ᠪᠡᠷ ᠲᠠᠮᠵᠢᠨ ᠬᠦᠬᠡᠬᠤᠳᠠ ᠬᠦᠷᠦᠭᠡᠳ ᠬᠤᠶᠠᠷ ᠵᠠᠮ ᠰᠠᠯᠵᠤ᠂ ᠬᠤᠶᠢᠳᠤ ᠵᠠᠮ ᠪᠤᠶᠤ ᠵᠡᠭᠦᠨ ᠵᠠᠮ ᠨᠢ ᠬᠦᠬᠡᠬᠤᠳᠠ ᠡᠴᠡ ᠲᠦᠮᠡᠳ ᠤᠨ ᠬᠤᠶᠠᠷ ᠬᠤᠰᠢᠭᠤ ᠶ᠋ᠢ ᠲᠠᠮᠵᠢᠨ ᠤᠷᠠᠳ ᠤᠨ ᠭᠤᠷᠪᠠᠨ ᠭᠦᠡᠭ ᠤᠨ ᠬᠤᠰᠢᠭᠤ ᠬᠦᠷᠳᠡᠭ᠂ ᠪᠠᠷᠠᠭᠤᠨ ᠵᠠᠮ ᠨᠢ ᠬᠦᠬᠡᠬᠤᠳᠠ ᠡᠴᠡ ᠶᠡᠬᠡ ᠵᠤᠤ ᠠᠶᠢᠮᠠᠭ ᠤᠨ ᠤᠷᠳᠤᠰ ᠵᠡᠭᠦᠨ ᠭᠠᠷᠤᠨ ᠡᠮᠦᠨᠡᠳᠦ ᠬᠤᠰᠢᠭᠤ᠂ ᠤᠷᠳᠤᠰ ᠵᠡᠭᠦᠨ ᠭᠠᠷᠤᠨ ᠬᠤᠶᠢᠳᠤ ᠬᠤᠰᠢᠭᠤ᠂ ᠤᠷᠳᠤᠰ ᠵᠡᠭᠦᠨ ᠭᠠᠷᠤᠨ ᠲᠤᠮᠳᠠᠳᠤ ᠬᠤᠰᠢᠭᠤ᠂ ᠤᠷᠳᠤᠰ ᠪᠠᠷᠠᠭᠤᠨ ᠭᠠᠷᠤᠨ ᠬᠤᠶᠢᠳᠤ ᠬᠤᠰᠢᠭᠤ᠂ ᠤᠷᠳᠤᠰ ᠪᠠᠷᠠᠭᠤᠨ ᠭᠠᠷᠤᠨ ᠡᠮᠦᠨᠡᠳᠦ ᠬᠤᠰᠢᠭᠤ᠂ ᠤᠷᠳᠤᠰ ᠪᠠᠷᠠᠭᠤᠨ ᠭᠠᠷᠤᠨ ᠡᠮᠦᠨᠡᠳᠦ ᠠᠳᠠᠭ ᠬᠤᠰᠢᠭᠤ᠂ ᠤᠷᠳᠤᠰ ᠪᠠᠷᠠᠭᠤᠨ ᠭᠠᠷᠤᠨ ᠲᠤᠮᠳᠠᠳᠤ ᠬᠤᠰᠢᠭᠤ ᠵᠡᠷᠭᠡ ᠲᠤᠯᠤᠭᠠᠨ ᠬᠤᠰᠢᠭᠤ  ᠪᠡᠷ ᠲᠠᠭᠠᠷᠢᠨ ᠴᠠᠭᠠᠨ ᠵᠠᠳᠠᠭᠠᠠᠢ ᠦᠷᠲᠡᠭᠡ ᠬᠦᠷᠳᠡᠭ᠃ ᠱᠦᠷᠭᠡᠢ ᠬᠠᠭᠠᠯᠭ᠎ᠠ ᠡᠴᠡ ᠬᠦᠬᠡᠬᠤᠳᠠ ᠬᠦᠷᠳᠡᠯ᠎ᠡ ᠬᠤᠶᠠᠷ ᠵᠠᠭᠤ ᠠᠷᠪᠠᠨ ᠭᠠᠵᠠᠷ᠂ ᠬᠦᠬᠡᠬᠤᠳᠠ ᠡᠴᠡ ᠤᠷᠠᠳ ᠤᠨ ᠭᠤᠷᠪᠠᠨ ᠭᠦᠡᠭ ᠤᠨ ᠬᠤᠰᠢᠭᠤ ᠬᠦᠷᠳᠡᠯ᠎ᠡ ᠭᠤᠷᠪᠠᠨ ᠵᠠᠭᠤ ᠵᠢᠷᠠᠨ ᠭᠠᠵᠠᠷ᠂ ᠬᠦᠬᠡᠬᠤᠳᠠ ᠡᠴᠡ ᠤᠷᠳᠤᠰ ᠤᠨ ᠡᠴᠦᠰ ᠤᠨ ᠦᠷᠳᠡᠭᠡ ᠪᠤᠶᠤ ᠴᠠᠭᠠᠨ ᠵᠠᠳᠠᠭᠠᠢ ᠬᠦᠷᠳᠡᠯ᠎ᠡ ᠨᠢᠭᠡ ᠮᠢᠡᠭᠭ᠎ᠠ ᠨᠢᠭᠡ ᠵᠠᠭᠤ ᠬᠤᠷᠢᠨ ᠭᠠᠵᠠᠷ 〔6〕᠃
      ᠲᠠᠪᠤ᠂ ᠴᠢᠭᠤᠯᠤᠯᠳᠤ ᠬᠠᠭᠠᠯᠭᠠᠨ ᠦᠷᠲᠡᠭᠡ᠄ ᠪᠡᠭᠡᠵᠢᠡᠭ ᠡᠴᠡ ᠴᠢᠭᠤᠯᠤᠯᠳᠤ ᠬᠠᠭᠠᠯᠭ᠎ᠠ ᠪᠡᠷ ᠲᠠᠮᠵᠢᠨ ᠬᠤᠶᠠᠷ ᠵᠠᠮ ᠰᠠᠯᠵᠤ ᠨᠢᠭᠡ ᠰᠠᠯᠠᠭ᠎ᠠ ᠨᠢ ᠪᠠᠷᠠᠭᠤᠨᠰᠢ ᠬᠦᠬᠡᠬᠤᠳᠠ ᠬᠦᠷᠴᠦ᠂ ᠨᠦᠭᠦᠭᠡ ᠰᠠᠯᠠᠭ᠎ᠠ ᠨᠢ ᠪᠠᠷᠠᠭᠤᠨ ᠬᠤᠶᠢᠰᠢ ᠲᠦᠷᠪᠡᠨ ᠬᠡᠤᠬᠡᠳ ᠤᠨ ᠬᠤᠰᠢᠭᠤ ᠬᠦᠷᠳᠡᠭ᠃ ᠨᠠᠶᠢᠷᠠᠯᠳᠤ ᠲᠦᠪ ᠤᠨ ᠵᠢᠷᠭᠤᠳᠤᠭᠠᠷ ᠤᠨ ᠪᠤᠶᠤ ᠨᠡᠶᠢᠳᠡ ᠶ᠋ᠢᠨ ᠤᠨ ᠲᠤᠭᠠᠯᠠᠯ ᠤᠨ 1728 ᠤᠨ ᠳ᠋ᠤ ᠵᠡᠭᠦᠨᠭᠠᠷ ᠤᠨ ᠲᠠᠶᠢᠨ ᠡᠴᠡ ᠪᠤᠯᠵᠤ ᠴᠢᠡᠭ ᠤᠯᠤᠰ ᠤᠨ ᠵᠠᠰᠠᠭ ᠤᠨ ᠭᠠᠵᠠᠷ ᠡᠴᠡ ᠴᠢᠭᠤᠯᠤᠯᠳᠤ ᠬᠠᠭᠠᠯᠭ᠎ᠠ ᠡᠴᠡ ᠬᠦᠬᠡᠬᠤᠳᠠ ᠬᠦᠷᠬᠦ ᠰᠠᠯᠠᠭ᠎ᠠ ᠵᠠᠮ ᠢ ᠨᠢ ᠬᠠᠭᠠᠵᠤ᠂ ᠬᠤᠶᠠᠷ ᠵᠠᠮ ᠢ ᠨᠡᠶᠢᠯᠡᠭᠦᠯᠦᠨ ᠭᠠᠭᠴᠠ ᠲᠦᠷᠪᠡᠨ ᠬᠡᠤᠬᠡᠳ ᠤᠨ ᠬᠤᠰᠢᠭᠤ ᠬᠦᠷᠬᠦ ᠦᠷᠲᠡᠭᠡ ᠪᠤᠯᠭᠠᠵᠤ᠂ ᠵᠠᠮ  ᠢ ᠨᠢ ᠤᠷᠳᠤᠳᠬᠠᠨ ᠦᠪᠦᠷ ᠮᠤᠡᠭᠭᠤᠯ ᠡᠴᠡ ᠭᠠᠳᠠᠭᠠᠳᠤ ᠮᠤᠡᠭᠭᠤᠯ ᠤᠨ ᠲᠦᠰᠢᠶᠡᠳᠦ ᠬᠠᠨ ᠠᠶᠢᠮᠠᠭ ᠬᠦᠷᠭᠡᠵᠡᠢ᠃ ᠴᠢᠭᠤᠯᠤᠯᠳᠤ ᠬᠠᠭᠠᠯᠭᠠᠨ ᠦᠷᠳᠡᠭᠡ ᠨᠢ ᠴᠠᠬᠠᠷ ᠤᠨ ᠪᠠᠷᠠᠭᠤᠨ ᠭᠠᠷ ᠪᠤᠯᠤᠨ ᠦᠪᠦᠷ ᠮᠤᠡᠭᠭᠤᠯ ᠤᠨ ᠤᠯᠠᠭᠠᠨᠴᠠᠪ᠂ ᠰᠢᠯᠢ ᠶ᠋ᠢᠨ ᠭᠤᠤᠯ ᠬᠤᠶᠠᠷ ᠠᠶᠢᠮᠠᠭ  ‍ᠤᠨ ᠲᠦᠷᠪᠡᠨ ᠬᠡᠤᠬᠡᠳ ᠤᠨ ᠬᠤᠰᠢᠭᠤ᠂ ᠰᠦᠨᠢᠳ ᠪᠠᠷᠠᠭᠤᠨ ᠭᠠᠷᠤᠨ ᠬᠤᠰᠢᠭᠤ᠂ ᠰᠦᠨᠢᠳ ᠵᠡᠭᠦᠨ ᠭᠠᠷᠤᠨ ᠬᠤᠰᠢᠭᠤ᠂ ᠬᠠᠯᠬ᠎ᠠ ᠪᠠᠷᠠᠭᠤᠨ ᠭᠠᠷᠤᠨ ᠬᠤᠰᠢᠭᠤ᠂ ᠮᠤᠤᠮᠢᠡᠭᠭᠠᠨ ᠬᠤᠰᠢᠭᠤ ᠵᠡᠷᠭᠡ ᠲᠠᠪᠤᠨ ᠬᠤᠰᠢᠭᠤ ᠶ᠋ᠢ ᠲᠠᠭᠠᠷᠢᠵᠤ᠂ ᠴᠢᠭᠤᠯᠤᠯᠳᠤ ᠬᠠᠭᠠᠯᠭ᠎ᠠ ᠡᠴᠡ ᠲᠦᠷᠪᠡᠨ ᠬᠡᠤᠬᠡᠳ ᠤᠨ ᠬᠤᠰᠢᠭᠤ ᠬᠦᠷᠳᠡᠯ᠎ᠡ ᠶᠢᠰᠦᠨ ᠵᠠᠭᠤ ᠵᠢᠷᠠᠨ ᠭᠠᠵᠠᠷ 〔7〕᠃ 《ᠭᠠᠳᠠᠭᠠᠳᠤ ᠮᠤᠡᠭᠭᠤᠯ ᠤᠨ ᠲᠦᠷᠦ ᠶ᠋ᠢ ᠵᠠᠰᠠᠬᠤ ᠶᠠᠪᠤᠳᠠᠯ ᠤᠨ ᠶᠠᠮᠤᠨ ᠤ ᠬᠠᠤᠯᠢ ᠵᠦᠢᠯ ᠤᠨ ᠪᠢᠴᠢᠭ᠌》 ᠲᠤ᠄ 《ᠨᠢᠭᠡᠨ ᠵᠦᠢᠯ᠂ ᠴᠢᠬᠤᠯᠤᠯᠳᠤ ᠬᠠᠬᠠᠯᠬᠠᠨ ᠤ ᠦᠷᠲᠡᠭᠡ ᠶ᠋ᠢ ᠵᠠᠬᠢᠷᠬᠤ ᠬᠡᠯᠳᠡᠰ ᠤᠨ ᠲᠦᠰᠢᠮᠡᠯ ᠤᠨ ᠵᠠᠬᠢᠷᠬᠤ ᠴᠢᠬᠤᠯᠤᠯᠳᠤ ᠬᠠᠬᠠᠯᠬᠠᠨ ᠤ ᠦᠷᠲᠡᠭᠡ ᠬᠢᠳᠡᠳ ᠨᠢᠭᠡ᠂ ᠴᠠᠬᠠᠨ ᠲᠤᠯᠤᠬᠠᠢ᠂ ᠪᠤᠷᠬᠠᠰᠤᠳᠠᠢ᠂ ᠬᠠᠯᠢᠬᠤᠳᠠᠢ᠂ ᠤᠷᠤᠢ ᠬᠤᠳᠳᠤᠭ᠌︵ᠬᠤᠳᠳᠤᠭ) ᠬᠦᠢᠰᠦᠲᠦ᠂ ᠵᠠᠬᠠᠰᠤᠳᠠᠢ    ︵ᠵᠢᠭᠠᠰᠤᠳᠠᠢ) ᠮᠢᠡᠭᠬᠠᠢ᠂ ᠴᠡᠴᠡᠷᠲᠦ᠂ ᠴᠢᠡᠭᠳᠠᠢ᠂ ᠤᠯᠠᠬᠠᠨ ᠬᠠᠳᠠ᠂ ᠪᠤᠮᠪᠠᠳᠤ᠂ ᠰᠢᠷ᠎ᠠ ᠬᠠᠳᠠ᠂ ᠪᠦᠯᠦᠲᠦ᠂ ᠤᠯᠤᠨ︵ᠤᠯᠠᠭᠠᠨ︶ᠬᠤᠳᠳᠤᠭ᠌᠂ ᠴᠠᠬᠠᠨ ᠬᠤᠳᠳᠤᠭ᠌᠂ ᠰᠢᠷ᠎ᠠ ᠮᠦᠷᠡᠨ᠂ ᠠᠬᠤᠯᠠᠨ ᠬᠤᠳᠳᠤᠭ᠌᠂ ᠵᠢᠰ ᠬᠤᠡᠭᠬᠤᠷ᠂ ᠭᠢᠷ᠎ᠠ︵ᠰᠢᠷ᠎ᠠ︶ᠮᠤᠬᠤᠷ᠂ ᠪᠦᠯᠦᠭ᠂ ᠰᠡᠤᠵᠢ ᠪᠤᠯᠠᠭ᠂ ᠲᠤᠯᠢ ᠪᠤᠯᠠᠭ᠂ ᠲᠦᠭᠦᠷᠢᠭ᠌ ᠵᠡᠷᠭᠡ ᠮᠤᠡᠭᠬᠤᠯ ᠦᠷᠲᠡᠭᠡ ᠬᠤᠷᠢᠨ ᠬᠤᠷᠪᠠ᠂ ᠪᠦᠬᠦᠳᠡ ᠬᠤᠷᠢᠨ ᠲᠦᠷᠪᠡᠨ ᠦᠷᠲᠡᠭᠡ 〔8〕》 ᠭᠡᠵᠦ ᠲᠡᠮᠳᠡᠭᠯᠡᠵᠦ ᠪᠤᠢ᠃ ᠡᠨᠡ ᠲᠡᠮᠳᠡᠭᠯᠡᠯ ᠡᠴᠡ ᠦᠵᠡᠪᠡᠯ ᠬᠦᠢᠰᠦᠳᠦ ᠶ᠋ᠢᠨ ᠦᠷᠲᠡᠭᠡ ᠨᠢ ᠮᠤᠡᠭᠭᠤᠯ ᠦᠷᠲᠡᠭᠡ ᠨᠥᠭᠥᠳ ᠤᠨ ᠲᠤᠮᠳᠠᠬᠢ ᠲᠠᠪᠤᠳᠤᠭᠠᠷ ᠦᠷᠲᠡᠭᠡ ᠨᠢ ᠪᠠᠶᠢᠵᠤ᠂ ᠤᠳᠤ ᠬᠢᠳᠡᠳ ᠢᠶᠠᠷ ᠬᠦᠢᠰᠦᠳᠦ  ᠶ᠋ᠢᠨ ᠦᠷᠲᠡᠭᠡ ᠶ᠋ᠢ 《ᠲᠠᠪᠤᠳᠤᠭᠠᠷ ᠦᠷᠲᠡᠭᠡᠨ ᠤ ᠮᠤᠡᠭᠭᠤᠯ ᠬᠤᠳᠠ 》ᠭᠡᠵᠦ ᠰᠢᠭᠤᠳ ᠤᠷᠴᠢᠭᠤᠯᠤᠨ ᠠᠯᠪᠠᠨ ᠤ ᠨᠡᠷᠡᠶᠢᠳᠦᠯ ᠪᠤᠯᠭᠠᠨ ᠲᠠᠭᠤᠳᠠᠵᠤ ᠪᠠᠶᠢᠨ᠎ᠠ᠃ ᠴᠢᠡᠭ ᠤᠯᠤᠰ ᠤᠨ ᠦᠶ᠎ᠡ ᠶ᠋ᠢᠨ ᠮᠤᠡᠭᠭᠤᠯ ᠤᠷᠤᠨ ᠳ᠋ᠡᠬᠢ ᠤᠯᠠᠭ᠎ᠠ ᠦᠷᠲᠡᠭᠡ ᠶ᠋ᠢ ᠬᠠᠮᠢᠶᠠᠷᠬᠤ ᠪᠠᠶᠢᠭᠤᠯᠤᠮᠵᠢ ᠪᠤᠯᠤᠨ ᠡᠳ᠋ ᠤᠨ ᠵᠠᠰᠠᠭ ᠤᠨ ᠢᠷᠡᠯᠳᠡ ᠶ᠋ᠢ ᠨᠢ ᠦᠨᠳᠦᠰᠦᠯᠡᠨ ᠠᠯᠪᠠᠨ ᠤ ᠪᠤᠶᠤ ᠴᠡᠷᠢᠭ ᠤᠨ ᠤᠯᠠᠭ᠎ᠠ ᠦᠷᠲᠡᠭᠡ ᠪᠠ ᠰᠤᠮᠤᠨ ᠤ ᠤᠯᠠᠭ᠎ᠠ ᠦᠷᠲᠡᠭᠡ ᠭᠡᠵᠦ ᠬᠤᠶᠠᠷ ᠵᠦᠢᠯ ᠳ᠋ᠤ ᠬᠤᠪᠢᠶᠠᠵᠤ ᠪᠤᠯᠳᠠᠭ᠃ ᠲᠡᠤᠬᠡᠨ ᠲᠡᠮᠳᠡᠭᠯᠡᠯ ᠢ ᠦᠨᠳᠦᠰᠦᠯᠡᠪᠡᠯ ᠬᠦᠢᠰᠦᠳᠦ ᠶ᠋ᠢᠨ ᠦᠷᠲᠡᠭᠡ ᠨᠢ ᠠᠯᠪᠠᠨ ᠤ ᠦᠷᠲᠡᠭᠡ ᠪᠤᠯᠤᠨ᠎ᠠ᠃ 《ᠠᠯᠪᠠᠨ ᠤ ᠤᠯᠠᠭ᠎ᠠ ᠦᠷᠲᠡᠭᠡ ᠭᠡᠭ᠍ᠴᠢ ᠨᠢ ᠴᠢᠡᠭ ᠤᠯᠤᠰ ᠤᠨ ᠵᠠᠰᠠᠭ ᠤᠨ ᠭᠠᠵᠠᠷ ᠡᠴᠡ ᠰᠢᠭᠤᠳ ᠪᠠᠶᠢᠭᠤᠯᠤᠭᠰᠠᠨ᠂ ᠴᠡᠷᠢᠭ ᠲᠦᠰᠢᠮᠡᠯ ᠤᠨ ᠴᠠᠯᠢᠡᠭ ᠬᠡᠷᠡᠭᠯᠡᠯ ᠵᠢᠴᠢ ᠦᠷᠲᠡᠭᠡᠨ ᠳ᠋ᠤ ᠬᠡᠷᠡᠭᠯᠡᠬᠦ ᠲᠡᠷᠭᠡ ᠮᠤᠷᠢ ᠶ᠋ᠢ ᠴᠦᠮ ᠴᠢᠡᠭ ᠤᠯᠤᠰ ᠤᠨ ᠵᠠᠰᠠᠭ ᠤᠨ ᠭᠠᠵᠠᠷ ᠡᠴᠡ ᠬᠠᠷᠢᠭᠤᠴᠠᠳᠠᠭ ᠦᠷᠲᠡᠭᠡ ᠶ᠋ᠢ ᠵᠢᠭᠠᠵᠤ ᠪᠤᠢ 〔9〕》᠃ ᠤᠳᠤᠬᠠᠨ ᠬᠦᠢᠰᠦᠳᠦ ᠶ᠋ᠢᠨ ᠦᠷᠲᠡᠭᠡᠨ ᠤ ᠬᠠᠮᠤᠭ ᠠᠬᠠᠮᠠᠳ ᠨᠠᠰᠤᠳᠠᠨ S ᠨᠠᠳᠠ ᠳ᠋ᠤ᠄《 ᠮᠢᠨᠤ ᠲᠡᠭᠡᠳᠦᠰ ᠤᠷᠤᠢ ᠦᠷᠲᠡᠭᠡᠨ ᠤ ᠬᠦᠮᠦᠨ᠂ ᠲᠦᠴᠢᠭᠡᠳ ᠤᠨ ᠳ᠋ᠤ ᠡᠨᠳᠡ ᠢᠷᠡᠵᠡᠢ᠃ ᠦᠷᠲᠡᠭᠡ ᠪᠤᠯᠭᠠᠨ ᠨᠢᠭᠡ ᠪᠤᠱᠤᠬᠤ ᠲᠠᠢ᠂ ᠵᠠᠯᠠᠨ ᠨᠢ ᠰᠢᠷᠭ᠎ᠠ ᠵᠠᠯᠠᠨ᠂ ᠪᠤᠱᠤᠬᠤ ᠨᠢ ᠰᠢᠷᠭ᠎ᠠ ᠪᠤᠱᠤᠬᠤ᠂ ᠦᠶ᠎ᠡ ᠵᠠᠯᠭᠠᠮᠵᠢᠯᠠᠨ ᠵᠡᠷᠭᠡ ᠪᠠᠨ ᠦᠷ᠎ᠡ ᠠᠴᠢᠨᠠᠷ ᠲᠠᠭᠠᠨ ᠶᠡᠭᠦᠯᠡᠨ᠎ᠡ᠂ ᠦᠷᠲᠡᠭᠡᠨ ᠳ᠋ᠤ ᠰᠠᠭᠤᠭᠰᠠᠨ ᠬᠦᠮᠦᠰ ᠨᠢ ᠴᠠᠬᠠᠷ ᠬᠦᠮᠦᠨ ᠪᠢᠰᠢ᠂ ᠴᠢᠡᠭ ᠤᠨ ᠲᠦᠷᠦ ᠳ᠋ᠤ ᠲᠠᠶᠢᠨ ᠳ᠋ᠤ ᠭᠠᠪᠢᠶᠠᠳᠠᠢ ᠪᠤᠯᠬᠤᠷ ᠬᠠᠭᠠᠨ ᠤ ᠬᠡᠰᠢᠭ᠌ ᠬᠦᠷᠲᠡᠭᠡᠵᠦ᠂ ᠦᠷᠲᠡᠭᠡ ᠰᠠᠬᠢᠭᠤᠯᠤᠨ᠂ ᠴᠠᠯᠢᠡᠭ ᠬᠦᠯᠦᠰᠦ ᠦᠭᠳᠡᠭ ᠪᠠᠶᠢᠵᠠᠢ᠃ ᠬᠦᠤ ᠪᠤᠯ ᠠᠷᠪᠠᠨ ᠬᠤᠶᠠᠷ ᠨᠠᠰᠤᠳᠠᠢ ᠹᠦᠡᠭᠯᠦ︵ᠴᠠᠯᠢᠡᠭ︶ᠤᠯᠤᠨ᠎ᠠ᠂ ᠬᠡᠤᠬᠡᠨ ᠪᠤᠯ ᠹᠦᠡᠭᠯᠦ ᠪᠠᠶᠢᠬᠤ ᠦᠭᠡᠢ᠂ ᠦᠷᠲᠡᠭᠡᠨ ᠤ ᠬᠦᠮᠦᠰ ᠴᠡᠷᠢᠭ ᠤᠨ ᠠᠯᠪᠠ᠂ ᠬᠦᠳᠡᠯᠮᠦᠷᠢ ᠶ᠋ᠢᠨ ᠠᠯᠪᠠ ᠬᠠᠭᠠᠬᠤ ᠦᠭᠡᠢ᠂ ᠯᠠᠮᠠ ᠪᠤᠯᠬᠤ ᠦᠭᠡᠢ᠂ ᠡᠶᠢᠮᠦ ᠡᠴᠡ ᠦᠷᠲᠡᠭᠡᠨ ᠳ᠋ᠤ ᠰᠦᠮ᠎ᠡ ᠪᠠᠶᠢᠬᠤ ᠦᠭᠡᠢ》① ᠭᠡᠵᠦ ᠶᠠᠷᠢᠪᠠ᠃《 ᠦᠷᠲᠡᠭᠡ ᠶ᠋ᠢ ᠭᠠᠳᠠᠭᠠᠳᠤ ᠮᠤᠡᠭᠭᠤᠯ ᠤᠨ ᠲᠦᠷᠦ ᠶ᠋ᠢ ᠵᠠᠰᠠᠬᠤ ᠶᠠᠮᠤᠨ ᠭᠤᠤᠯᠯᠠᠨ ᠬᠠᠮᠢᠶᠠᠷᠴᠤ᠂ ᠴᠡᠷᠢᠭ ᠤᠨ ᠶᠠᠪᠤᠳᠠᠯ ᠤᠨ ᠬᠡᠯᠳᠡᠰ ᠬᠠᠪᠰᠤᠷᠭᠠᠨ ᠬᠠᠷᠢᠭᠤᠴᠠᠵᠤ᠂ ᠮᠤᠡᠭᠭᠤᠯ ᠦᠷᠲᠡᠭᠡ  ᠨᠤᠭᠦᠳ ᠲᠤ ᠲᠤᠰᠠᠭᠠᠷ ᠬᠠᠮᠢᠶᠠᠷᠬᠤ ᠠᠷᠭ᠎ᠠ ᠠᠪᠴᠤ᠂ ᠭᠠᠳᠠᠭᠠᠳᠤ ᠮᠤᠡᠭᠭᠤᠯ ᠤᠨ ᠲᠦᠷᠦ ᠶ᠋ᠢ ᠵᠠᠰᠠᠬᠤ ᠶᠠᠮᠤᠨ ᠪᠤᠯᠤᠨ ᠤᠷᠤᠨ ᠨᠤᠲᠤᠭ ᠤᠨ ᠮᠤᠡᠭᠭᠤᠯ ᠬᠤᠰᠢᠭᠤᠳ ᠬᠠᠮᠳᠤᠷᠠᠨ ᠬᠠᠮᠢᠶᠠᠷᠴᠤ ᠪᠠᠶᠢᠵᠠᠢ ᠁ ᠮᠤᠡᠭᠭᠤᠯ ᠦᠷᠲᠡᠭᠡ ᠨᠤᠭᠦᠳ ᠲᠤ ᠦᠷᠲᠡᠭᠡᠨ ᠨᠤᠶᠠᠨ ᠨᠢᠭᠡ᠂ ᠭᠤᠷᠪᠠᠨ ᠵᠢᠯ ᠳ᠋ᠤ ᠨᠢᠭᠡ ᠰᠤᠯᠢᠳᠠᠭ ᠦᠷᠲᠡᠭᠡᠨ ᠨᠤᠶᠠᠨ ᠤ ᠲᠤᠤᠷ᠎ᠠ ᠬᠤᠶᠠᠷ ᠪᠢᠴᠢᠭᠡᠴᠢ ᠲᠠᠢ᠂ ᠲᠤᠰᠢᠶᠠᠯ ᠤᠨ ᠬᠤᠭᠤᠴᠠᠭ᠎ᠠ ᠨᠠᠢᠮᠠᠨ ᠵᠢᠯ᠂ ᠰᠡᠭᠦᠯ ᠳ᠋ᠤᠨᠢ ᠨᠢᠭᠡ ᠶ᠋ᠢ ᠨᠢ ᠬᠠᠰᠤᠵᠤ᠂ ᠲᠤᠰᠢᠶᠠᠯ ᠤᠨ ᠬᠤᠭᠤᠴᠠᠭ᠎ᠠ ᠶ᠋ᠢ ᠨᠢ ᠴᠤ ᠭᠤᠷᠪᠠᠨ ᠵᠢᠯ ᠪᠤᠯᠭᠠᠵᠠᠢ᠃ ᠪᠦᠷ ᠴᠠᠯᠢᠡᠭ ᠦᠭᠳᠡᠭ ᠁ ᠦᠷᠲᠡᠭᠡ ᠪᠤᠯᠭᠠᠨ ᠨᠢᠭᠡ ᠪᠤᠱᠤᠬᠤ ᠲᠠᠢ 〔10〕》᠃ S ᠨᠠᠰᠤᠳᠠᠨ ᠤ ᠨᠠᠳᠠ ᠳ᠋ᠤ᠄ 《 ᠨᠢᠭᠡᠳᠦᠭᠡᠷ ᠨᠢ ᠲᠠᠪᠠᠭ᠎ᠠ ᠎ᠦᠷᠲᠡᠭᠡ᠂ ᠬᠤᠶᠠᠳᠤᠭᠠᠷ ᠨᠢ ᠪᠤᠷᠭᠠᠰᠤᠳᠠᠢ ᠦᠷᠲᠡᠭᠡ᠂ ᠭᠤᠷᠪᠠᠳᠤᠭᠠᠷ ᠨᠢ ᠬᠠᠯᠢᠭᠤᠳᠤ ᠦᠷᠲᠡᠭᠡ᠂ ᠲᠦᠷᠪᠡᠳᠦᠭᠡᠷ ᠨᠢ ᠤᠷᠤᠢ ᠦᠷᠲᠡᠭᠡ᠂ ᠲᠠᠪᠤᠳᠤᠭᠠᠷ ᠨᠢ ᠬᠦᠢᠰᠦᠳᠦ ᠶ᠋ᠢᠨ ᠦᠷᠲᠡᠭᠡ᠂ ᠵᠢᠷᠭᠤᠳᠤᠭᠠᠷ ᠨᠢ ᠵᠢᠭᠠᠰᠤᠳᠠᠢ ᠦᠷᠲᠡᠭᠡ᠂ ᠲᠤᠯᠤᠳᠤᠭᠠᠷ ᠨᠢ ᠱᠠᠡᠭᠳᠠ ᠦᠷᠲᠡᠭᠡ᠂ ᠨᠠᠢᠮᠠᠳᠤᠭᠠᠷ ᠨᠢ ᠲᠡᠮᠦᠷᠲᠡᠢ ᠦᠷᠲᠡᠭᠡ᠂ ᠶᠢᠰᠦᠳᠦᠭᠡᠷ ᠨᠢ ᠵᠢᠷᠦᠬᠡ ᠦᠷᠲᠡᠭᠡ᠂ ᠠᠷᠪᠠᠳᠤᠭᠠᠷ ᠦᠷᠲᠡᠭᠡ ᠪᠤᠯᠤᠨ ᠠᠷᠪᠠᠨ ᠨᠢᠭᠡᠳᠦᠭᠡᠷ ᠦᠷᠲᠡᠭᠡᠨ ᠤ ᠨᠡᠷ᠎ᠡ ᠶ᠋ᠢ ᠨᠢ ᠮᠠᠷᠳᠠᠵᠠᠢ᠂ ᠠᠷᠪᠠᠨ ᠬᠤᠶᠠᠳᠤᠭᠠᠷ ᠨᠢ ᠡᠷᠢᠶᠡᠨ ᠨᠠᠭᠤᠷ ᠦᠷᠲᠡᠭᠡ ② 》ᠭᠡᠵᠦ ᠶᠠᠷᠢᠪᠠ᠃ 《ᠮᠤᠡᠭᠭᠤᠯ ᠦᠷᠲᠡᠭᠡᠨ ᠤ ᠵᠤᠬᠢᠶᠠᠨ ᠪᠠᠶᠢᠭᠤᠯᠤᠯᠳᠠ ᠨᠢ ᠵᠠᠩᠬᠢ᠂ ᠪᠢᠴᠢᠭᠡᠴᠢ᠂ ᠬᠦᠨᠳᠦ᠂ ᠪᠤᠱᠤᠬᠤ᠂ ᠦᠷᠲᠡᠭᠡᠨ ᠤ ᠬᠤᠶᠠᠭ ᠵᠡᠷᠭᠡ ᠡᠴᠡ ᠪᠦᠷᠢᠯᠳᠦᠳᠡᠭ 〔11〕》᠃ 《 ᠦᠷᠲᠡᠭᠡᠨ ᠤ ᠪᠠᠶᠢᠭ᠎ᠠ ᠮᠤᠡᠭᠭᠤᠯ ᠬᠤᠰᠢᠭᠤᠳ ᠤᠨ ᠵᠠᠰᠠᠭ ᠨᠤᠶᠠᠨ ᠨᠢ ᠠᠯᠪᠠᠨ ᠤᠴᠢᠷ ᠡᠴᠡ ᠪᠤᠰᠤᠳ ᠲᠤᠬᠢᠶᠠᠯᠳᠤᠯ ᠳ᠋ᠤ ᠦᠷᠲᠡᠭᠡᠨ ᠤ ᠤᠨᠤᠭ᠎ᠠ ᠬᠦᠰᠬᠡ ᠶ᠋ᠢ ᠬᠦᠳᠡᠯᠭᠡᠬᠦ ᠡᠷᠭᠡ ᠦᠭᠡᠢ 〔12〕》᠃ ᠴᠢᠡᠭ ᠤᠯᠤᠰ ᠤᠨ ᠦᠶ᠎ᠡ ᠳ᠋ᠤ 《 ᠬᠦᠢᠰᠦᠳᠦ ᠮᠤᠡᠭᠬᠤᠯ ᠬᠤᠷᠪᠠᠳᠤᠬᠠᠷ ᠴᠤᠬᠤᠮ ᠦᠷᠲᠡᠭᠡᠨ ᠳ᠋ᠤᠷ ᠲᠤᠬᠠᠨ ᠢᠶᠠᠷ ᠪᠠᠶᠢᠬᠤᠯᠤᠭᠰᠠᠨ ᠠᠯᠪᠠᠨ ᠤᠨ ᠮᠤᠷᠢᠨ ᠬᠤᠷᠢᠨ ᠲᠠᠪᠤᠨ᠂ ᠲᠡᠮᠡᠭᠡ ᠠᠷᠪᠠᠨ᠂ ᠰᠢᠭᠦᠰᠦ ᠬᠤᠨᠢ ᠬᠤᠴᠢᠨ ᠲᠠᠪᠤᠨ᠂ ᠤᠷᠤᠯᠠᠨ ᠬᠦᠭᠡᠭ᠍ᠴᠢ ᠨᠢᠭᠡ᠂ ᠬᠦᠭᠡᠭ᠍ᠴᠢ ᠨᠢᠭᠡ᠂ ᠬᠤᠶᠠᠭ ᠨᠠᠢᠮᠠ᠂ ᠤᠯᠠᠴᠢ ᠠᠷᠪᠠᠨ 〔13〕》 ᠪᠠᠶᠢᠵᠠᠢ᠃ ᠲᠡᠷᠡ ᠮᠦᠷᠲᠡᠭᠡᠨ ᠴᠢᠭᠤᠯᠤᠯᠳᠤ ᠬᠠᠭᠠᠯᠭᠠᠨ ᠦᠷᠲᠡᠭᠡᠨ ᠤ ᠵᠠᠯᠠᠨ ᠡᠴᠡ ᠤᠯᠠᠴᠢ ᠬᠦᠷᠲᠡᠯ᠎ᠡ ᠪᠦᠷ ᠲᠦᠷᠦ ᠡᠴᠡ ᠴᠠᠯᠢᠡᠭ ᠬᠦᠯᠦᠰᠦ ᠤᠯᠳᠠᠭ ᠪᠠᠶᠢᠵᠠᠢ᠃ ᠦᠷᠲᠡᠭᠡᠨ ᠤ ᠬᠦᠮᠦᠰ ᠤᠨ ᠬᠤᠪᠢ ᠳ᠋ᠤ ᠴᠤ ᠤᠳᠤ ᠪᠤᠯᠳᠠᠯ᠎ᠠ ᠵᠠᠰᠠᠭ ᠤᠨ ᠭᠠᠵᠠᠷ ᠡᠴᠡ ᠴᠠᠯᠢᠡᠭ ᠤᠯᠵᠤ ᠪᠠᠶᠢᠭᠰᠠᠨ ᠦᠷᠲᠡᠭᠡᠨ ᠤ ᠬᠦᠮᠦᠰ ᠤᠨ ᠬᠤᠶᠢᠴᠢᠰ ᠭᠡᠳᠡᠭ ᠢᠶᠡᠨ ᠠᠮᠠ ᠲᠠᠮᠵᠢᠨ ᠦᠷ᠎ᠡ ᠬᠤᠶᠢᠴᠢᠰ ᠲᠠᠭᠠᠨ ᠶᠠᠷᠢᠵᠤ᠂ ᠭᠠᠳᠠᠨ᠎ᠠ ᠡᠴᠡ ᠤᠴᠢᠭᠰᠠᠨ ᠬᠦᠮᠦᠨ ᠳ᠋ᠤ ᠴᠤ ᠤᠯᠠᠩᠬᠢ ᠬᠦᠮᠦᠨ ᠨᠢ ᠦᠷᠲᠡᠭᠡᠨ ᠤ ᠲᠡᠤᠬᠡ ᠪᠠᠨ ᠶᠠᠷᠢᠵᠤ ᠦᠭ᠍ᠬᠦ ᠲᠤᠷᠠᠳᠠᠢ᠃
      S ᠨᠠᠰᠤᠳᠠᠨ᠄ 《 ᠮᠠᠨ ᠤ ᠠᠷᠪᠠᠨ ᠬᠤᠶᠠᠷ ᠦᠷᠲᠡᠭᠡ ᠨᠢᠭᠡ ᠵᠠᠯᠠᠨ ᠲᠠᠢ᠂ ᠵᠠᠯᠠᠨ ᠨᠢ ᠠᠷᠪᠠᠨ ᠬᠤᠶᠠᠷ ᠦᠷᠲᠡᠭᠡ ᠪᠠᠨ ᠬᠠᠮᠢᠶᠠᠷᠤᠨ᠎ᠠ᠂ ᠵᠠᠯᠠᠨ ᠨᠢ ᠲᠤᠯᠤᠳᠤᠭᠠᠷ ᠲᠡᠰ ᠤᠨ ᠨᠤᠶᠠᠨ᠂ ᠭᠡᠳᠡᠯ᠎ᠡ ᠡᠷᠭᠡ ᠨᠢ ᠶᠡᠬᠡ᠂ ᠬᠢᠳᠡᠳ ᠲᠤᠯᠤᠳᠤᠭᠠᠷ ᠲᠡᠰ ᠤᠨ ᠨᠤᠶᠠᠨ ᠡᠴᠡ ᠢᠯᠡᠭᠦᠤ ᠡᠷᠭᠡ ᠲᠠᠢ᠂ ᠰᠢᠭᠤᠳ ᠬᠠᠭᠠᠨ ᠳ᠋ᠤ ᠪᠠᠷᠠᠯᠠᠵᠤ ᠪᠤᠯᠤᠨ᠎ᠠ》③᠃
      《ᠦᠷᠲᠡᠭᠡᠨ ᠤ ᠬᠠᠮᠢᠶᠠᠷᠤᠯᠳᠠ ᠨᠢ ᠲᠤᠡᠭ ᠴᠢᠡᠭᠭ᠎ᠠ ᠪᠠᠶᠢᠳᠠᠭ᠂ ᠬᠠᠤᠯᠢ ᠲᠦᠷᠢᠮ ᠤᠨ ᠰᠢᠨᠵᠢ ᠪᠦᠬᠦᠢ ᠲᠤᠭᠳᠠᠭᠠᠯ ᠲᠠᠢ᠄ ᠵᠢᠱᠢᠶᠡᠯᠡᠪᠡᠯ ① ᠦᠷᠲᠡᠭᠡᠨ ᠤ ᠨᠤᠶᠠᠨ ᠠᠯᠪᠠᠨ ᠪᠢᠴᠢᠭ᠌᠂ ᠴᠡᠷᠢᠭ ᠤᠨ ᠲᠡᠮᠳᠡᠭ ᠢ ᠭᠡᠭᠡᠪᠡᠯ ᠶᠠᠯᠠᠯᠠᠳᠠᠭ ᠁ ⑤ ᠵᠠᠬᠢᠳᠡᠯ ᠴᠢᠮᠡᠭᠡ ᠨᠢ ᠰᠠᠭᠠᠳᠤᠯ ᠭᠠᠷᠤᠭᠰᠠᠨ ᠲᠤᠬᠢᠶᠠᠯᠳᠤᠯ ᠳ᠋ᠤ ᠵᠠᠬᠢᠳᠠᠯ ᠴᠢᠮᠡᠭᠡ ᠬᠦᠷᠭᠡᠭ᠍ᠴᠢ ᠨᠢ ᠠᠯᠢ ᠴᠤ ᠴᠠᠭ ᠲᠤ ᠰᠢᠭᠤᠳ ᠮᠡᠳᠡᠭᠡ ᠴᠢᠮᠡᠭᠡ ᠪᠠᠨ ᠮᠡᠳᠡᠭᠦᠯᠵᠦ ᠪᠤᠯᠤᠨ᠎ᠠ 〔14〕》᠃ ᠬᠡᠳᠦᠶᠢᠪᠡᠷ S ᠨᠠᠰᠤᠳᠠᠨ ᠤ ᠬᠡᠯᠡᠭᠰᠡᠨ ᠨᠢ ᠦᠷᠲᠡᠭᠡᠨ ᠤ ᠵᠠᠯᠠᠨ ᠤ ᠡᠷᠬᠡ ᠶ᠋ᠢ ᠶᠡᠭᠡᠰᠭᠡᠭ᠍ᠰᠡᠨ ᠰᠢᠨᠵᠢᠳᠡᠢ ᠪᠤᠯᠪᠠᠴᠤ ᠦᠷᠲᠡᠭᠡᠴᠢᠨ ᠪᠤᠶᠤ ᠤᠯᠠᠭᠠᠴᠢ ᠨᠢ ᠬᠤᠵᠢᠮᠳᠠᠭᠰᠠᠨ ᠴᠢᠮᠡᠭᠡ ᠪᠠᠨ ᠲᠦᠷᠭᠡᠨ ᠮᠡᠳᠡᠭᠦᠯᠬᠦ ᠡᠭᠦᠷᠭᠡ ᠪᠤᠶᠤ ᠤᠷᠢᠳᠴᠢᠯᠠᠨ ᠮᠡᠳᠡᠭᠦᠯᠬᠦ ᠡᠷᠭᠡ ᠲᠠᠢ ᠪᠠᠶᠢᠭᠰᠠᠨ ᠨᠢ ᠲᠠᠮᠵᠢᠭ ᠦᠭᠡᠢ᠃ ᠪᠠᠶᠢᠴᠠᠭᠠᠯᠳᠠ ᠬᠢᠬᠦ ᠪᠡᠷ ᠬᠦᠢᠰᠦᠳᠦ ᠶ᠋ᠢᠨ ᠦᠷᠲᠡᠭᠡᠨ ᠤ ᠠᠶᠢᠯ ᠤᠳ ᠢᠶᠠᠷ ᠲᠤᠭᠤᠷᠢᠬᠤ ᠳ᠋ᠤ ᠬᠦᠭ᠍ᠰᠢᠨ ᠵᠠᠯᠠᠭᠤ ᠦᠭᠡᠢ ᠪᠦᠷ ᠯᠡ ᠦᠷᠲᠡᠭᠡᠨ ᠤ ᠲᠡᠤᠬᠡ᠂ ᠦᠪᠡᠷᠰᠡᠳ ᠤᠨ ᠮᠤᠡᠭᠭᠤᠯ ᠬᠡᠯᠡ᠂ ᠮᠠᠯᠵᠢᠬᠤ ᠠᠮᠢᠳᠤᠷᠠᠯ ᠢᠶᠡᠨ ᠬᠠᠳᠠᠭᠠᠯᠠᠵᠤ ᠪᠠᠶᠢᠬᠤ ᠪᠠᠨ ᠪᠠᠬᠠᠷᠬᠠᠭᠰᠠᠨ ᠰᠢᠨᠵᠢᠳᠡᠢ ᠨᠠᠳᠠ ᠳ᠋ᠤ ᠶᠠᠷᠢᠵᠤ ᠪᠠᠶᠢᠪᠠ᠃ ᠴᠢᠭᠤᠯᠤᠯᠳᠤ ᠬᠠᠭᠠᠯᠭᠠᠨ ᠦᠷᠲᠡᠭᠡ ᠨᠢ ᠲᠤᠬᠠᠢ ᠶ᠋ᠢᠨ ᠦᠶ᠎ᠡ ᠶ᠋ᠢᠨ ᠭᠠᠳᠠᠭᠠᠳᠤ ᠮᠤᠡᠭᠭᠤᠯ ᠳ᠋ᠤ ᠨᠡᠪᠳᠡᠷᠡᠵᠦ᠂ ᠤᠯᠤᠰ ᠤᠨ ᠪᠠᠳᠤᠯᠠᠨ ᠬᠠᠮᠠᠭᠠᠯᠠᠯᠳᠠ ᠵᠢᠴᠢ ᠭᠠᠳᠠᠭᠠᠳᠤ ᠮᠤᠡᠭᠭᠤᠯ ᠪᠤᠯᠤᠨ ᠲᠤᠳᠤᠷ᠎ᠠ ᠭᠠᠵᠠᠷ ᠤᠨ ᠠᠵᠤ ᠠᠬᠤᠢ᠂ ᠰᠤᠶᠤᠯ ᠤᠨ ᠶᠠᠪᠤᠯᠴᠠᠭᠠᠨ ᠳ᠋ᠤ ᠴᠢᠬᠤᠯᠠ ᠦᠢᠯᠡᠳᠦᠯ ᠲᠠᠢ ᠪᠠᠶᠢᠭᠰᠠᠨ ᠡᠴᠡ ᠴᠢᠡᠭ ᠤᠨ ᠲᠦᠷᠦ ᠡᠴᠡ ᠴᠢᠭᠤᠯᠤᠯᠳᠤ ᠬᠠᠭᠠᠯᠭᠠᠨ ᠦᠷᠲᠡᠭᠡ ᠶ᠋ᠢ ᠴᠢᠡᠭᠭ᠎ᠠ ᠬᠠᠮᠢᠶᠠᠷᠴᠤ ᠪᠠᠶᠢᠵᠠᠢ᠃ ᠶᠠᠭ ᠡᠶᠢᠮᠦ ᠡᠴᠡ ᠬᠦᠢᠰᠦᠳᠦ ᠶ᠋ᠢᠨ ᠦᠷᠲᠡᠭᠡᠨ ᠤ ᠬᠤᠶᠠᠭ ᠨᠤᠶᠠᠳ ᠴᠤ ᠠᠳᠠᠭ ᠲᠠᠭᠠᠨ ᠢᠷᠭᠡᠨ ᠤᠯᠤᠰ ᠤᠨ ᠡᠬᠢ ᠪᠤᠯᠳᠠᠯ᠎ᠠ ᠦᠷᠲᠡᠭᠡᠨ ᠳ᠋ᠡᠭᠡᠨ ᠤᠶᠠᠭᠳᠠᠨ ᠭᠠᠳᠠᠭᠰᠢ ᠨᠡᠭᠦᠭ᠍ᠰᠡᠨ ᠦᠭᠡᠢ ᠪᠠᠶᠢᠵᠤ ᠮᠡᠳᠡᠨ᠎ᠡ᠃ ᠬᠦᠢᠰᠦᠳᠦ ᠶ᠋ᠢᠨ ᠦᠷᠲᠡᠭᠡ ᠬᠡᠳᠦᠶᠢᠪᠡᠷ ᠭᠠᠵᠠᠷ ᠨᠤᠲᠤᠭ ᠶᠡᠬᠡ ᠪᠤᠯᠪᠠᠴᠤ ᠦᠷᠲᠡᠭᠡᠨ ᠤ ᠬᠦᠮᠦᠰ ᠨᠡᠭᠦᠳᠡᠯᠯᠡᠨ ᠮᠠᠯᠵᠢᠳᠠᠭ ᠦᠭᠡᠢ᠂ ᠤᠳᠤᠷ ᠲᠤ ᠭᠠᠷᠳᠠᠭ ᠦᠭᠡᠢ᠂ ᠬᠤᠳᠠᠨ ᠤ ᠬᠢᠨᠢ ᠬᠠᠪᠢ ᠶ᠋ᠢᠨ ᠬᠤᠶᠠᠷ ᠲᠦᠮᠡ ᠭᠠᠷᠤᠢ ᠮᠤ ᠪᠡᠯᠴᠢᠭᠡᠷ ᠨᠢ ᠲᠡᠲᠡᠨᠤᠰ ᠲᠤ ᠵᠠᠷᠤᠭᠠᠳ ᠬᠦᠷᠴᠢᠬᠡᠨ᠎ᠡ ᠬᠡᠨ᠎ᠡ᠃ ᠭᠡᠳᠡᠯ᠎ᠠ 2015 ᠤᠨ ᠤ ᠠᠷᠪᠠᠨ ᠰᠠᠷ᠎ᠠ ᠳ᠋ᠤ ᠪᠢ ᠬᠦᠢᠰᠦᠳᠦ ᠶ᠋ᠢᠨ ᠦᠷᠲᠡᠭᠡᠨ ᠳ᠋ᠤ ᠤᠴᠢᠬᠤ ᠳ᠋ᠤ ᠦᠷᠲᠡᠭᠡᠨ ᠤ ᠬᠦᠮᠦᠰ ᠡᠪᠡᠰᠦ ᠤᠷᠤᠭᠤᠯᠵᠤ ᠪᠠᠶᠢᠭᠰᠠᠨ ᠲᠠᠢ ᠲᠠᠭᠠᠷᠠᠯᠳᠤᠵᠤ᠂ ᠲᠡᠳᠡᠨᠤᠰ ᠪᠦᠷ ᠯᠡ ᠬᠠᠳᠤᠯᠠᠡᠭ ᠮᠠᠭᠤ ᠤᠴᠢᠷ ᠡᠴᠡ ᠭᠠᠳᠠᠨ᠎ᠠ ᠡᠴᠡ ᠪᠤᠷᠳᠤᠭ᠎ᠠ ᠬᠤᠳᠠᠯᠳᠤᠵᠤ ᠠᠪᠬᠤ ᠲᠤᠬᠠᠢ ᠶᠠᠷᠢᠯᠴᠠᠵᠤ ᠪᠠᠶᠢᠪᠠ᠃ ᠡᠭᠦᠨ ᠡᠴᠡ ᠦᠵᠡᠬᠦ ᠳ᠋ᠤ ᠲᠡᠳᠡᠨᠤᠰ ᠤᠨ ᠠᠶᠢᠯ ᠤᠨ ᠬᠢᠨᠢ ᠬᠠᠪᠢ ᠶ᠋ᠢᠨ ᠶᠡᠷᠦᠳᠡ ᠶ᠋ᠢᠨ ᠬᠡᠷᠡᠭᠯᠡᠳᠡᠭ ᠪᠡᠯᠴᠢᠭᠡᠷ ᠨᠢ ᠲᠡᠳᠡᠨᠤᠰ ᠲᠤ ᠬᠦᠷᠦᠯᠴᠡᠬᠦ ᠦᠭᠡᠢ ᠪᠠᠶᠢᠬᠤ ᠨᠢ ᠮᠡᠳᠡᠭᠳᠡᠵᠦ ᠪᠠᠶᠢᠨ᠎ᠠ᠃ ᠬᠦᠢᠰᠦᠳᠦ ᠶ᠋ᠢᠨ ᠦᠷᠲᠡᠭᠡᠨ ᠤ ᠤᠤᠯ ᠤᠨ ᠭᠠᠴᠠᠭᠠᠨ ᠲᠠᠷᠤᠭ᠎ᠠ ᠪᠠᠶᠢᠭᠰᠠᠨ Q ᠨᠠᠰᠤᠳᠠᠨ︵63 ᠨᠠᠰᠤᠳᠠᠢ︶ ᠤ ᠬᠡᠯᠡᠬᠦ ᠪᠡᠷ ᠲᠡᠲᠡᠨᠡᠶᠢᠬᠢᠨ ᠬᠦᠢᠰᠦᠳᠦ ᠶ᠋ᠢᠨ ᠦᠷᠲᠡᠭᠡᠨ ᠳ᠋ᠤ ᠰᠠᠭᠤᠷᠢᠰᠢᠭᠠᠳ ᠲᠠᠪᠤᠨ ᠵᠠᠭᠤ ᠭᠠᠷᠤᠢ ᠵᠢᠯ ᠪᠤᠯᠵᠤ ᠪᠠᠶᠢᠨ᠎ᠠ ᠭᠡᠨ᠎ᠡ᠃ ᠬᠤᠵᠢᠮ ᠨᠢ ᠦᠷᠲᠡᠭᠡ ᠨᠢ ᠴᠠᠭ ᠲᠦᠷᠦ ᠶ᠋ᠢᠨ ᠰᠤᠯᠢᠭᠳᠠᠯ ᠢᠶᠠᠷ ᠠᠯᠪᠠᠨ ᠤ ᠰᠢᠨᠵᠢ ᠪᠠᠨ ᠠᠯᠳᠠᠵᠤ ᠦᠷᠲᠡᠭᠡᠨ ᠤ ᠬᠦᠮᠦᠰ ᠴᠤ ᠦᠷᠲᠡᠭᠡᠴᠢᠨ ᠡᠴᠡ ᠪᠠᠨ ᠮᠠᠯᠴᠢᠨ ᠠᠮᠢᠳᠤᠷᠠᠯ ᠳ᠋ᠠᠭᠠᠨ ᠪᠤᠴᠠᠭᠰᠠᠨ ᠴᠤ ᠰᠠᠭᠤᠷᠢᠰᠢᠯ ᠠᠮᠢᠳᠤᠷᠠᠯ ᠬᠢᠵᠡᠢ᠃ ᠨᠢᠭᠡ ᠮᠤᠡᠭᠭᠤᠯ ᠭᠠᠴᠠᠭ᠎ᠠ ᠲᠤᠰᠬᠤᠨ ᠨᠢ ᠪᠢᠴᠢᠭ᠌ ᠰᠤᠳᠤᠷ ᠲᠤ ᠲᠡᠮᠳᠡᠭᠯᠡᠭᠳᠡᠨ ᠦᠯᠡᠳᠡᠭᠰᠡᠨ ᠨᠢ ᠶᠡᠬᠡ ᠴᠦᠬᠡᠨ ᠪᠦᠭᠡᠳ ᠶᠠᠮᠠᠷ ᠨᠢᠭᠡ ᠪᠢᠴᠢᠭ᠌ ᠰᠤᠳᠤᠷ ᠲᠤ ᠬᠠᠯᠳᠤ ᠨᠢᠭᠡ ᠢᠯᠡᠷᠡᠬᠦ ᠲᠤᠬᠢᠶᠠᠯᠳᠤᠯ ᠴᠤ ᠪᠠᠭ᠎ᠠ ᠪᠠᠶᠢᠳᠠᠭ᠃ ᠬᠦᠢᠰᠦᠳᠦ ᠶ᠋ᠢᠨ ᠦᠷᠲᠡᠭᠡ ᠨᠢ ᠴᠤ ᠪᠢᠴᠢᠭ᠌ ᠰᠤᠳᠤᠷ ᠤᠨ ᠲᠡᠮᠳᠡᠭᠯᠡᠯ᠂ ᠲᠡᠷᠡᠴᠢᠯᠡᠨ ᠬᠤᠳᠠ ᠠᠶᠢᠯ ᠤᠨ ᠤᠶᠢᠯᠠᠯᠭ᠎ᠠ ᠴᠤ ᠪᠠᠶᠢᠬᠤ ᠦᠭᠡᠢ᠃ ᠬᠦᠢᠰᠦᠲᠦ ᠶ᠋ᠢᠨ ᠦᠷᠲᠡᠭᠡᠨ ᠤ ᠮᠤᠡᠭᠭᠤᠯᠴᠤᠳ ᠦᠷᠲᠡᠭᠡᠨ ᠤ ᠲᠡᠤᠬᠡ ᠪᠡᠷ ᠦᠪᠡᠷᠰᠡᠳ ᠤᠨ ᠲᠡᠤᠬᠡ ᠪᠠᠨ ᠤᠷᠤᠯᠠᠭᠤᠯᠬᠤ ᠬᠠᠨᠳᠤᠰᠢ ᠶᠡᠬᠡ ᠲᠠᠢ ᠪᠤᠶᠤ ᠡᠰᠡᠭᠦᠯ᠎ᠡ ᠦᠷᠲᠡᠭᠡᠨ ᠤ ᠲᠡᠤᠬᠡ ᠪᠠᠨ ᠶᠠᠷᠢᠬᠤ ᠲᠤᠷᠠᠳᠠᠢ ᠤᠴᠢᠷ ᠡᠴᠡ ᠬᠦᠢᠰᠦᠳᠦ ᠶ᠋ᠢᠨ ᠦᠷᠲᠡᠭᠡᠨ ᠳ᠋ᠤ ᠪᠠᠶᠢᠴᠠᠭᠠᠯᠳᠠ ᠬᠢᠭ᠍ᠰᠡᠨ ᠶᠠᠪᠤᠴᠠ ᠲᠤᠮᠳᠠ ᠤᠯᠵᠤ ᠰᠤᠨᠤᠰᠤᠭᠰᠠᠨ ᠠᠮᠠᠨ ᠲᠡᠤᠬᠡ ᠪᠠᠨ ᠦᠨᠳᠦᠰᠦᠯᠡᠨ ᠬᠦᠢᠰᠦᠳᠦ ᠶ᠋ᠢᠨ ᠦᠷᠲᠡᠭᠡᠨ ᠤ ᠪᠦᠷᠢᠯᠳᠦᠯ ᠬᠦᠭ᠍ᠵᠢᠯ ᠤᠨ ᠲᠡᠤᠬᠡ ᠶ᠋ᠢ ᠲᠦᠭᠦᠮᠬᠡᠨ ᠲᠠᠨᠢᠯᠴᠠᠭᠤᠯᠪᠠ᠃ ᠶᠠᠫᠤᠨ ᠤ ᠡᠵᠡᠷᠭᠡᠭ᠍ᠯᠡᠯ ᠤᠨ ᠦᠶ᠎ᠡ ᠳ᠋ᠤ ᠬᠦᠢᠰᠦᠳᠦ ᠶ᠋ᠢᠨ ᠦᠷᠲᠡᠭᠡ ᠨᠢ ᠴᠠᠬᠠᠷ ᠠᠶᠢᠮᠠᠭ ᠤᠨ ᠬᠦᠪᠡᠭᠡᠲᠦ ᠰᠢᠷ᠎ᠠ ᠬᠤᠰᠢᠭᠤᠨ ᠳ᠋ᠤ ᠬᠠᠷᠢᠶᠠᠯᠠᠭᠳᠠᠵᠤ ᠪᠠᠶᠢᠵᠠᠢ᠃ 1950 ᠤᠨ ᠳ᠋ᠤ ᠤᠯᠠᠭᠠᠨᠴᠠᠪ ᠠᠶᠢᠮᠠᠭ ᠪᠤᠯᠤᠨ ᠴᠠᠬᠠᠷ ᠮᠤᠵᠢ ᠶ᠋ᠢᠨ ᠤᠮᠠᠷᠠᠳᠤ ᠲᠤᠰᠬᠠᠢ ᠲᠤᠭᠤᠷᠢᠭ ᠨᠢ ᠬᠡᠯᠡᠯᠴᠡᠭᠡ ᠪᠡᠷ ᠲᠠᠮᠵᠢᠨ ᠬᠦᠢᠰᠦᠳᠦ ᠶ᠋ᠢᠨ ᠦᠷᠲᠡᠭᠡᠨ ᠤ ᠬᠤᠶᠢᠨᠡᠬᠢ ᠪᠡᠯᠴᠢᠭᠡᠷ ᠢᠶᠠᠷ ᠵᠠᠭᠠᠭ ᠪᠤᠯᠭᠠᠨ ᠬᠦᠢᠰᠦᠳᠦ ᠶ᠋ᠢᠨ ᠦᠷᠲᠡᠭᠡ ᠶ᠋ᠢ ᠱᠠᠡᠭ ᠢ ᠰᠢᠶᠠᠨ ᠳ᠋ᠤ ᠬᠠᠷᠢᠶᠠᠯᠠᠭᠤᠯᠵᠠᠢ᠂ ᠡᠭᠦᠨ ᠡᠴᠡ ᠬᠤᠶᠢᠰᠢ ᠬᠦᠢᠰᠦᠲᠦ ᠶ᠋ᠢᠨ ᠦᠷᠲᠡᠭᠡ ᠨᠢ ᠾᠸᠪᠸᠢ ᠮᠤᠵᠢ ᠶ᠋ᠢᠨ ᠬᠠᠷᠢᠶᠠᠨ ᠳ᠋ᠤ ᠤᠷᠤᠭᠰᠠᠨ ᠪᠠᠶᠢᠨ᠎ᠠ᠃ ᠬᠦᠢᠰᠦᠳᠦ ᠶ᠋ᠢᠨ ᠦᠷᠲᠡᠭᠡᠨ ᠤ ᠰᠤᠷᠭᠠᠨ ᠬᠦᠮᠦᠵᠢᠯ ᠤᠨ ᠬᠤᠪᠢ ᠳ᠋ᠤ 1951 ᠤᠨ ᠳ᠋ᠤ ᠬᠦᠢᠰᠦᠳᠦ ᠶ᠋ᠢᠨ ᠦᠷᠲᠡᠭᠡᠨ ᠳ᠋ᠤ ᠨᠢᠭᠡ ᠮᠤᠡᠭᠭᠤᠯ ᠪᠠᠭ᠎ᠠ ᠰᠤᠷᠭᠠᠭᠤᠯᠢ ᠪᠠᠶᠢᠭᠤᠯᠤᠭᠳᠠᠵᠤ ᠨᠢᠭᠡ ᠪᠠᠭᠰᠢ᠂ ᠠᠷᠪᠠᠨ ᠲᠠᠪᠤᠨ ᠰᠤᠷᠤᠭᠴᠢ ᠲᠠᠢ ᠪᠠᠶᠢᠵᠠᠢ᠃ Q ᠨᠠᠰᠤᠳᠠᠨ ᠤ ᠬᠡᠯᠡᠬᠦ ᠪᠡᠷ ᠪᠠᠭ᠎ᠠ ᠰᠤᠷᠭᠠᠭᠤᠯᠢ ᠪᠠᠶᠢᠬᠤ ᠦᠶᠡᠰ ᠨᠠᠮᠰᠠᠷᠠᠢ ᠭᠡᠳᠡᠭ ᠨᠢᠭᠡ ᠮᠤᠡᠭᠭᠤᠯ ᠪᠠᠭᠰᠢ ᠲᠠᠢ ᠪᠠᠶᠢᠵᠤ᠂ ᠪᠠᠭ᠎ᠠ ᠰᠤᠷᠭᠠᠭᠤᠯᠢ ᠶ᠋ᠢᠨ ᠭᠤᠷᠪᠠᠳᠤᠭᠠᠷ ᠤᠨ ᠪᠤᠯᠳᠠᠯ᠎ᠠ ᠦᠪᠦᠷ ᠮᠤᠡᠭᠭᠤᠯ ᠡᠴᠡ ᠬᠢᠴᠢᠶᠡᠯ ᠤᠨ ᠪᠢᠴᠢᠭ᠌ ᠵᠠᠬᠢᠶᠠᠯᠠᠨ ᠮᠤᠡᠭᠭᠤᠯ ᠢᠶᠠᠷ ᠬᠢᠴᠢᠶᠡᠯᠯᠡᠵᠦ ᠲᠦᠷᠪᠡᠳᠦᠭᠡᠷ ᠤᠨ ᠡᠴᠡ ᠬᠤᠶᠢᠰᠢ ᠬᠢᠳᠡᠳ ᠢᠶᠠᠷ ᠵᠢᠭᠠᠳᠠᠭ ᠪᠠᠶᠢᠭᠰᠠᠨ ᠭᠡᠨ᠎ᠡ᠃ ᠰᠤᠶᠤᠯ ᠤᠨ ᠬᠤᠪᠢᠰᠬᠠᠯ ᠡᠴᠡ ᠬᠤᠶᠢᠰᠢ ᠮᠤᠡᠭᠭᠤᠯ ᠢᠶᠠᠷ ᠬᠢᠴᠢᠶᠡᠯᠯᠡᠬᠦ ᠶ᠋ᠢ ᠨᠢ ᠵᠤᠭᠰᠤᠭᠠᠵᠤ ᠪᠦᠬᠦᠨ ᠢ ᠬᠢᠳᠡᠳ ᠢᠶᠠᠷ ᠰᠤᠷᠭᠠᠬᠤ ᠪᠤᠯᠵᠠᠢ᠃ ᠰᠡᠭᠦᠯ ᠤᠨ ᠦᠶ᠎ᠡ ᠳ᠋ᠤ ᠳ᠋ᠦᠡᠭᠰᠢᠭ᠂ ᠦ᠋ ᠰᠢᠶᠠᠡᠭ ᠳ᠋ᠦᠡᠭ ᠭᠡᠳᠡᠭ ᠬᠤᠶᠠᠷ ᠮᠤᠡᠭᠭᠤᠯ ᠪᠠᠭᠰᠢ ᠪᠠᠶᠢᠭᠰᠠᠨ ᠴᠤ ᠪᠦᠷ ᠬᠢᠳᠡᠳ ᠢᠶᠠᠷ ᠵᠢᠭᠠᠳᠠᠭ ᠪᠠᠶᠢᠵᠠᠢ᠃ 1981 ᠤᠨ ᠳ᠋ᠤ ᠾᠸᠪᠸᠢ ᠮᠤᠵᠢ ᠶ᠋ᠢᠨ ᠵᠠᠰᠠᠭ ᠤᠨ ᠤᠷᠲᠤᠨ ᠶᠢᠰᠦᠨ ᠲᠦᠮᠡᠨ ᠲᠦᠭᠦᠷᠢᠭ᠌ ᠵᠠᠷᠤᠴᠠᠭᠤᠯᠤᠨ ᠬᠦᠢᠰᠦᠳᠦ ᠶ᠋ᠢᠨ ᠦᠷᠲᠡᠭᠡᠨ ᠳ᠋ᠤ ᠱᠠᠡᠭ ᠢ ᠰᠢᠶᠠᠨ  ‍ᠤ ᠦᠨᠳᠦᠰᠦᠳᠡᠨ  ‍ᠤ ᠲᠤᠮᠳᠠᠳᠤ ᠰᠤᠷᠭᠠᠭᠤᠯᠢ ᠵᠢ ᠪᠠᠶᠢᠭᠤᠯᠵᠠᠢ᠃ ᠲᠤᠰ ᠰᠤᠷᠭᠠᠭᠤᠯᠢ ᠨᠢ ᠤᠳᠤ ᠬᠡᠳᠦᠶᠢᠪᠡᠷ ᠡᠭᠦᠳᠠ ᠪᠠᠨ ᠬᠠᠭᠠᠭᠰᠠᠨ ᠪᠤᠯᠪᠠᠴᠤ ᠰᠤᠷᠭᠠᠭᠤᠯᠢ ᠶ᠋ᠢᠨ ᠬᠦᠷᠢᠶ᠎ᠡ ᠨᠢ ᠪᠦᠷᠢᠨ ᠪᠦᠳᠦᠨ ᠢᠶᠠᠷ ᠢᠶᠡᠨ ᠪᠠᠶᠢᠨ᠎ᠠ᠃ ᠲᠤᠰ ᠰᠤᠷᠭᠠᠭᠤᠯᠢ ᠳ᠋ᠤ ᠪᠠᠭᠰᠢᠯᠠᠵᠤ ᠪᠠᠶᠢᠭᠰᠠᠨ ᠨᠢᠭᠡ ᠬᠢᠳᠡᠳ ᠪᠠᠭᠰᠢ ᠨᠢ ᠬᠦᠢᠰᠦᠲᠦ ᠶ᠋ᠢᠨ ᠦᠷᠲᠡᠭᠡᠨ ᠤ ᠨᠢᠭᠡ ᠮᠤᠡᠭᠭᠤᠯ ᠦᠬᠢᠨ ᠲᠠᠢ ᠬᠤᠷᠢᠮᠯᠠᠵᠤ ᠤᠳᠤ ᠬᠦᠢᠰᠦᠲᠦ ᠶ᠋ᠢᠨ ᠦᠷᠲᠡᠭᠡᠨ ᠳ᠋ᠤ ᠠᠮᠢᠳᠤᠷᠠᠵᠤ ᠪᠠᠶᠢᠨ᠎ᠠ᠂ ᠮᠦᠨ ᠴᠤ ᠬᠦᠢᠰᠦᠳᠦ ᠶ᠋ᠢᠨ ᠦᠷᠲᠡᠭᠡᠨ ᠳ᠋ᠤ ᠠᠮᠢᠳᠤᠷᠠᠵᠤ ᠪᠠᠶᠢᠬᠤ ᠴᠤᠷ ᠤᠨ ᠭᠠᠭᠴᠠ ᠬᠦᠴᠦᠨ ᠬᠦᠷᠭᠡᠨ ᠪᠤᠯᠤᠨ᠎ᠠ᠃ 2014 ᠤᠨ ᠡᠴᠡ ᠲᠤᠰ ᠰᠤᠷᠭᠠᠭᠤᠯᠢ ᠶ᠋ᠢᠨ ᠬᠡᠰᠡᠭ ᠪᠠᠶᠢᠰᠢᠡᠭ ᠢ ᠬᠦᠢᠰᠦᠲᠦ ᠶ᠋ᠢᠨ ᠦᠷᠲᠡᠭᠡᠨ ᠤ ᠭᠠᠴᠠᠭᠠᠨ ᠵᠦᠪᠯᠡᠯ ᠡᠴᠡ ᠭᠠᠴᠠᠭᠠᠨ ᠤ ᠪᠠᠨ ᠠᠯᠪᠠᠨ ᠭᠡᠷ ᠪᠤᠯᠭᠠᠨ ᠦᠭᠡᠷᠡᠴᠢᠯᠡᠨ ᠵᠠᠰᠠᠵᠠᠢ᠃ ᠬᠦᠢᠰᠦᠳᠦ ᠶ᠋ᠢᠨ ᠦᠷᠲᠡᠭᠡᠨ ᠤ ᠤᠶᠢᠷ᠎ᠠ ᠦᠶ᠎ᠡ ᠶ᠋ᠢᠨ ᠲᠡᠤᠬᠡ ᠨᠢ ᠨᠤᠲᠤᠭ ᠤᠨ ᠰᠤᠳᠤᠨ ᠬᠦᠮᠦᠰ ᠪᠤᠶᠤ ᠲᠤᠯᠤᠭᠠᠶᠢᠯᠠᠭᠴᠢ᠂ ᠤᠳᠤᠷᠢᠳᠤᠭᠴᠢ ᠶ᠋ᠢᠨ ᠲᠤᠬᠠᠢ ᠦᠯᠢᠭᠡᠷ ᠶᠠᠷᠢᠶ᠎ᠠ ᠲᠠᠪᠠᠮᠭᠠᠶᠢᠯᠠᠭᠰᠠᠨ ᠰᠢᠨᠵᠢ ᠲᠠᠢ ᠪᠦᠭᠡᠳ ᠡᠨᠡ ᠲᠤᠬᠠᠢ ᠬᠤᠶᠢᠨ᠎ᠠ ᠪᠦᠯᠦᠭ ᠲᠤ ᠭᠠᠵᠠᠷ ᠰᠢᠷᠤᠢ ᠶ᠋ᠢᠨ ᠵᠠᠡᠭᠰᠢᠯ ᠤᠨ ᠬᠠᠤᠯᠢ ᠶ᠋ᠢᠨ ᠬᠡᠰᠡᠭ ᠲᠤ ᠶᠠᠷᠢᠬᠤ ᠪᠤᠯᠬᠤᠷ ᠡᠨᠳᠡ ᠲᠡᠯᠭᠡᠷᠡᠭᠦᠯᠦᠨ ᠲᠤᠭᠠᠴᠢᠬᠤ ᠦᠭᠡᠢ᠃ ᠤᠳᠤᠬᠠᠨ ᠤ ᠬᠦᠢᠰᠦᠳᠦ ᠶ᠋ᠢᠨ ᠦᠷᠲᠡᠭᠡᠨ ᠳ᠋ᠤ ᠠᠮᠢᠳᠤᠷᠠᠵᠤ ᠪᠠᠶᠢᠭ᠎ᠠ ᠬᠦᠮᠦᠰ ᠨᠢ ᠤᠶᠢᠷ᠎ᠠ ᠤᠷᠴᠢᠮ ᠤᠨ ᠦᠷᠲᠡᠭᠡ ᠨᠤᠭᠥᠳ ᠪᠤᠯᠤᠨ ᠬᠦᠢᠰᠦᠳᠦ ᠶ᠋ᠢᠨ ᠦᠷᠲᠡᠭᠡᠨ ᠤ ᠤᠶᠢᠷ᠎ᠠ ᠤᠷᠴᠢᠮ ᠢᠶᠠᠷ ᠠᠮᠢᠳᠤᠷᠠᠵᠤ ᠪᠠᠶᠢᠭᠰᠠᠨ ᠤᠤᠯ ᠤᠨ ᠬᠦᠪᠡᠭᠡᠲᠦ ᠰᠢᠷ᠎ᠠ ᠬᠤᠰᠢᠭᠤᠨ ᠤ ᠮᠠᠯᠴᠢᠳ ᠪᠤᠯᠤᠨ᠎ᠠ᠃ ᠬᠡᠳᠦᠶᠢᠪᠡᠷ ᠬᠡᠰᠡᠭ ᠮᠤᠡᠭᠭᠤᠯᠴᠤᠳ ᠬᠦᠢᠰᠦᠳᠦ ᠶ᠋ᠢᠨ ᠦᠷᠲᠡᠭᠡᠨ ᠳ᠋ᠤ ᠨᠡᠭᠦᠵᠤ ᠢᠷᠡᠨ ᠰᠠᠭᠤᠷᠢᠰᠢᠭᠰᠠᠨ ᠪᠤᠯᠪᠠᠴᠤ ᠠᠳᠠᠯᠢᠬᠠᠨ ᠢᠶᠠᠷ ᠬᠦᠢᠰᠦᠳᠦ ᠶ᠋ᠢᠨ ᠦᠷᠲᠡᠭᠡᠨ ᠡᠴᠡ ᠭᠠᠳᠠᠭᠰᠢ ᠨᠡᠭᠦᠭ᠍ᠰᠡᠨ ᠬᠦᠮᠦᠰ ᠴᠤ ᠲᠤᠡᠭ ᠤᠯᠠᠨ ᠭᠡᠨ᠎ᠡ᠂ ᠡᠭᠦᠨ ᠳ᠋ᠤ ᠬᠡᠪᠴᠢᠶ᠎ᠡ ᠪᠡᠷ ᠬᠠᠮᠤᠭ ᠶᠡᠬᠡ ᠨᠢ 1971 ᠤᠨ ᠡᠴᠡ 1975 ᠤᠨ ᠤ ᠬᠤᠭᠤᠷᠤᠨᠳᠤ ᠬᠦᠢᠰᠦᠳᠦ ᠶ᠋ᠢᠨ ᠦᠷᠲᠡᠭᠡᠨ ᠡᠴᠡ ᠬᠤᠷᠢᠭᠠᠳ ᠠᠶᠢᠯ ᠰᠢᠯᠢ ᠶ᠋ᠢᠨ ᠭᠤᠤᠯ ᠠᠶᠢᠮᠠᠭ ᠤᠨ ᠬᠦᠪᠡᠭᠡᠲᠦ ᠰᠢᠷ᠎ᠠ ᠬᠤᠰᠢᠭᠤᠨ ᠳ᠋ᠤ ᠨᠡᠭᠦᠵᠦ ᠤᠴᠢᠵᠠᠢ᠃ ᠬᠦᠢᠰᠦᠳᠦ ᠶ᠋ᠢᠨ ᠦᠷᠲᠡᠭᠡ ᠨᠢ ᠠᠯᠢ ᠦᠶ᠎ᠡ ᠳ᠋ᠤ ᠲᠤᠰᠠᠭᠠᠷ ᠨᠢᠭᠡ ᠵᠠᠰᠠᠭ ᠵᠠᠬᠢᠷᠭᠠᠨ ᠤ ᠨᠢᠭᠡᠴᠡ ᠪᠤᠯᠤᠭᠰᠠᠨ ᠨᠢ ᠲᠤᠳᠤᠷᠬᠠᠢ ᠦᠭᠡᠢ᠃ ᠬᠦᠢᠰᠤᠳᠤ  ᠢᠢᠨ ᠦᠷᠳᠡᠭᠡ ᠨᠢ ᠱᠠᠡᠭᠳᠤ ᠰᠢᠶᠠᠨ ᠤ ᠤᠶᠢᠯᠠᠯᠭ᠎ᠠ ᠳ᠋ᠤ 1953 ᠤᠨ ᠤ ᠭᠠᠴᠠᠭ᠎ᠠ ᠲᠤᠰᠬᠤᠨ ᠤ ᠬᠦᠰᠦᠨᠦᠭ ᠲᠤ ᠴᠸᠡᠭ ᠵᠢᠶᠠ ᠽᠦᠨ ᠰᠢᠶᠠᠡᠭ ᠤᠨ ᠮᠤᠡᠭᠭᠤᠯ ᠬᠤᠳᠠ ᠭᠡᠵᠦ ᠬᠠᠮᠤᠭ ᠠᠡᠭᠬ᠎ᠠ ᠵᠠᠰᠠᠭ ᠵᠠᠬᠢᠷᠭᠠᠨ ᠤ ᠨᠢᠭᠡᠴᠢ ᠶ᠋ᠢᠨ ᠬᠤᠪᠢ ᠪᠡᠷ ᠢᠯᠡᠷᠡᠵᠡᠢ᠃
      

                             
      


  
   2018-04-15 20:19
   147 
    81 
    
0
  



   
 










     
             
   13847635928   qinggis@163.com
           sorqin@sorqin.com
 ICP   12001629  
    15042102000103  