     
   ☆☆
       
  3737717
   4916
   2012-03-04
   2018-08-13
  3504
 
 
【    】
ᠮᠤᠡᠭᠭᠤᠯᠴᠤᠳ ᠤᠨ ᠵᠠᠡᠭᠰᠢᠯ ᠤᠨ ᠬᠠᠤᠯᠢ ᠶ᠋ᠢᠨ ᠦᠢᠯᠡᠳᠦᠯ ᠢ ᠦᠭᠦᠯᠡᠬᠦ ᠨᠢ — ᠎᠎ᠾᠸᠪᠸᠢ ᠮᠤᠵᠢ ᠶ᠋ᠢᠨ ᠱᠠᠡᠭ ᠢ ᠰᠢᠶᠠᠨ ᠤ ᠬᠦᠢᠰᠦᠳᠦ ᠶ᠋ᠢᠨ ᠦᠷᠲᠡᠭᠡ ᠪᠡᠷ ᠵᠢᠱᠢᠶᠡᠯᠡᠬᠦ ᠨᠢ   

                                     

ᠬᠤᠶᠠᠳᠤᠭᠠᠷ ᠪᠦᠯᠦᠭ   ᠬᠦᠢᠰᠦᠳᠦ ᠶ᠋ᠢᠨ ᠦᠷᠳᠡᠭᠡᠨ 
        ᠤ ᠵᠠᠡᠭᠰᠢᠯ   ᠤᠨ ᠬᠠᠤᠯᠢ
      
      
      ᠨᠢᠭᠡ ᠪᠤᠳᠠᠭᠠᠯᠢ ᠴᠤᠭᠴᠠ ᠪᠤᠶᠤ ᠬᠤᠪᠢ ᠬᠦᠮᠦᠨ ᠤ ᠬᠤᠪᠢ ᠳ᠋ᠤ ᠤᠳᠤ ᠦᠶ᠎ᠡ ᠶ᠋ᠢᠨ ᠤᠯᠤᠰ ᠲᠦᠷᠦ ᠶ᠋ᠢᠨ ᠲᠤᠭᠳᠠᠯᠴᠠᠭᠠᠨ ᠤ ᠲᠤᠮᠳᠠ ᠶᠠᠮᠠᠷ ᠨᠢᠭᠡᠨ ᠵᠠᠰᠠᠭ ᠤᠨ ᠪᠠᠶᠢᠭᠤᠯᠤᠯ ᠤᠨ ᠬᠠᠷᠢᠶᠠᠨ ᠳ᠋ᠤ ᠲᠤᠬᠠᠢ ᠶ᠋ᠢᠨ ᠨᠡᠶᠢᠭᠡᠮ ᠳ᠋ᠤ ᠨᠡᠶᠢᠳᠡᠮ ᠤᠨ ᠬᠦᠴᠦᠨ ᠪᠦᠬᠦᠢ ᠬᠠᠤᠯᠢ ᠴᠠᠭᠠᠵᠠ ᠶ᠋ᠢᠨ ᠬᠢᠨᠡᠯᠳᠠ ᠬᠠᠮᠠᠭᠠᠯᠠᠯ ᠲᠤᠤᠷ᠎ᠠ ᠠᠮᠢᠳᠤᠷᠠᠵᠤ ᠪᠠᠶᠢᠨ᠎ᠠ ᠭᠡᠳᠡᠭ ᠪᠤᠯᠪᠠᠴᠤ ᠲᠦᠷᠦ  ᠡᠴᠡ ᠲᠤᠭᠳᠠᠭᠠᠭᠰᠠᠨ ᠬᠠᠤᠯᠢ ᠴᠠᠭᠠᠵᠠ ᠨᠢ ᠬᠠᠷᠠᠬᠠᠨ ᠬᠦᠮᠦᠰ ᠤᠨ ᠠᠮᠢᠳᠤᠷᠠᠯ ᠳ᠋ᠤ᠂ ᠲᠡᠷᠡᠴᠢᠯᠡᠨ ᠪᠦᠬᠦ ᠨᠡᠶᠢᠭᠡᠮ ᠳ᠋ᠤ ᠪᠦᠷᠢᠨ ᠨᠡᠪᠴᠢᠵᠦ ᠴᠢᠳᠠᠭ᠎ᠠ ᠦᠭᠡᠢ ᠪᠠᠶᠢᠨ᠎ᠠ᠃ ᠮᠠᠨ ᠤ ᠤᠯᠤᠰ ᠤᠨ ᠬᠤᠪᠢ ᠳ᠋ᠤ ᠡᠭᠦᠨ ᠤ ᠨᠢᠭᠡ ᠪᠤᠳᠠᠳᠤ ᠢᠯᠡᠷᠡᠯ ᠨᠢ ᠤᠯᠠᠨ ᠵᠢᠯ ᠬᠡᠪᠯᠡᠯ ᠮᠡᠳᠡᠭᠡᠯᠡᠯ ᠢᠶᠠᠷ ᠰᠠᠴᠤᠭᠳᠠᠭᠰᠠᠨ ᠬᠠᠤᠯᠢ ᠴᠠᠭᠠᠵᠠ ᠶ᠋ᠢᠨ ᠤᠬᠠᠭᠤᠯᠭ᠎ᠠ ᠪᠤᠯᠤᠨ᠎ᠠ᠃ ᠲᠦᠷᠦ ᠡᠴᠡ ᠬᠦᠮᠦᠨ ᠪᠦᠬᠦᠨ ᠢ ᠬᠠᠤᠯᠢ ᠶ᠋ᠢ ᠰᠠᠶᠢᠨ ᠤᠶᠢᠯᠭᠠᠵᠤ ᠬᠠᠤᠯᠢ ᠪᠡᠷ ᠡᠷᠬᠡ ᠠᠰᠢᠭ ᠢᠶᠡᠨ ᠬᠠᠮᠠᠭᠠᠯᠠᠷᠠᠢ ᠭᠡᠵᠦ ᠤᠷᠢᠶᠠᠯᠠᠳᠠᠭ᠃ ᠮᠦᠨ ᠬᠦᠮᠦᠰ ᠤᠨ ᠬᠠᠤᠯᠢ ᠪᠡᠷ ᠵᠡᠪᠰᠡᠭ ᠪᠤᠯᠭᠠᠬᠤ᠂ ᠬᠠᠤᠯᠢ ᠳ᠋ᠤ ᠢᠳᠡᠪᠬᠢᠳᠡᠢ ᠤᠶᠢᠷᠠᠳᠬᠤ ᠶ᠋ᠢ ᠨᠢ ᠵᠤᠷᠢᠭᠵᠢᠭᠤᠯᠤᠨ ᠤᠯᠠᠨ ᠪᠤᠳᠠᠳᠠᠢ ᠠᠷᠭ᠎ᠠ ᠬᠡᠮᠵᠢᠶ᠎ᠡ ᠠᠪᠤᠭᠰᠠᠨ ᠤ ᠨᠢᠭᠡ ᠨᠢ ᠰᠢᠬᠦᠬᠦ ᠬᠤᠷᠢᠶᠠᠨ ᠤ ᠤᠤᠯ ᠤᠨ ᠵᠠᠷᠭᠤ ᠬᠦᠯᠢᠶᠡᠨ ᠠᠪᠬᠤ ᠵᠢᠷᠦᠮ ᠢ ᠬᠢᠨᠠᠬᠤ ᠲᠦᠷᠢᠮ ᠡᠴᠡ ᠲᠠᠡᠭᠰᠠᠯᠠᠬᠤ ᠲᠦᠷᠢᠮ ᠪᠤᠯᠭᠠᠨ ᠬᠤᠪᠢᠷᠭᠠᠭᠰᠠᠨ ᠤᠴᠢᠷ ᠪᠤᠯᠤᠨ᠎ᠠ᠃ ᠲᠡᠯᠭᠡᠷᠡᠭᠦᠯᠵᠦ ᠶᠠᠷᠢᠪᠠᠯ ᠤᠤᠯ ᠨᠢ ᠬᠦᠮᠦᠰ ᠵᠠᠷᠭᠤ ᠬᠦᠭᠡᠭᠡᠬᠦ ᠳ᠋ᠤ ᠬᠠᠮᠢᠶ᠎ᠠ ᠪᠦᠬᠦᠢ ᠵᠠᠷᠭᠤ ᠶ᠋ᠢᠨ ᠮᠠᠲ᠋ᠸᠷᠢᠶᠠᠯ ᠢ ᠨᠢ ᠰᠢᠬᠦᠬᠦ ᠬᠤᠷᠢᠶ᠎ᠠ ᠤᠷᠢᠳᠴᠢᠯᠠᠨ ᠬᠢᠨᠠᠵᠤ ᠬᠡᠷᠡᠭ ᠪᠤᠯᠭᠠᠨ ᠲᠠᠡᠭᠰᠠᠯᠠᠬᠤ ᠡᠰᠡᠬᠦ ᠶ᠋ᠢ ᠰᠢᠢᠳᠳᠡᠭ ᠪᠠᠶᠢᠭᠰᠠᠨ ᠡᠴᠡ ᠬᠤᠪᠢᠷᠠᠭᠤᠯᠤᠭᠠᠳ ᠵᠠᠷᠭᠤ ᠶ᠋ᠢᠨ ᠭᠤᠶᠤᠴᠢᠯᠡᠯ ᠨᠢ ᠰᠢᠬᠦᠬᠦ ᠬᠤᠷᠢᠶᠠᠨ ᠤ ᠬᠦᠯᠢᠶᠡᠨ ᠠᠪᠬᠤ ᠬᠦᠷᠢᠶ᠎ᠡ ᠬᠡᠪᠴᠢᠶᠡᠨ ᠳ᠋ᠤ ᠪᠠᠶᠢᠳᠠᠭ ᠲᠤ ᠯᠡ ᠬᠦᠷᠪᠡᠯ ᠰᠢᠭᠤᠳ ᠬᠡᠷᠡᠭ ᠪᠤᠯᠭᠠᠨ ᠲᠠᠡᠭᠰᠠᠯᠠᠵᠤ ᠦᠭᠳᠡᠭ ᠪᠤᠯᠤᠭᠰᠠᠨ ᠬᠤᠪᠢᠷᠠᠯᠳᠠ ᠪᠤᠯᠤᠨ᠎ᠠ᠃ ᠶᠠᠭ ᠡᠨᠡᠬᠦ ᠦᠭᠡᠷᠡᠴᠢᠯᠡᠯᠳᠡ ᠨᠢ ᠬᠦᠮᠦᠰ ᠤᠨ ᠬᠠᠤᠯᠢ ᠪᠡᠷ ᠡᠷᠬᠡ ᠠᠰᠢᠭ ᠢᠶᠡᠨ ᠬᠠᠮᠠᠭᠠᠯᠠᠬᠤ ᠳ᠋ᠤ ᠲᠦᠭᠦᠮ ᠦᠵᠡᠭᠦᠯᠦᠭᠰᠡᠨ ᠪᠤᠯᠪᠠᠴᠤ ᠨᠦᠭᠦᠭᠡ ᠲᠠᠯ᠎ᠠ ᠪᠡᠷ ᠬᠦᠮᠦᠰ ᠲᠤ ᠰᠠᠨᠠᠭᠠᠨ ᠲᠤᠷ᠎ᠠ ᠪᠡᠷ ᠢᠶᠡᠨ ᠵᠠᠷᠭᠤ ᠬᠢᠬᠦ ᠲᠤᠬᠢᠶᠠᠯ ᠤᠯᠭᠤᠵᠤ ᠰᠢᠬᠦᠬᠦ ᠬᠤᠷᠢᠶᠠᠨ ᠤ ᠵᠠᠷᠭᠤ ᠶ᠋ᠢ ᠤᠯᠠᠰᠢᠷᠠᠭᠤᠯᠵᠠᠢ᠃ ᠬᠠᠤᠯᠢ ᠶ᠋ᠢᠨ ᠡᠷᠴᠢᠮᠳᠡᠢ ᠤᠬᠠᠭᠤᠯᠭ᠎ᠠ ᠵᠢᠴᠢ ᠢᠳᠡᠪᠬᠢᠳᠡᠢ ᠦᠭᠡᠷᠡᠴᠢᠯᠡᠯᠳᠡ ᠪᠡᠷ ᠲᠠᠮᠵᠢᠨ ᠬᠦᠮᠦᠰ ᠢ ᠵᠠᠷᠭᠤ ᠶ᠋ᠢᠨ ᠬᠠᠯᠠᠭᠤᠷᠠᠯ ᠪᠤᠶᠤ ᠬᠠᠤᠯᠢ ᠳ᠋ᠤ ᠤᠶᠢᠷᠠᠳᠠᠭᠤᠯᠤᠯ᠎ᠠ ᠭᠡᠳᠡᠭ ᠴᠤ ᠬᠠᠷᠢᠨ ᠤᠳᠤ ᠬᠦᠮᠦᠰ ᠵᠢᠭᠤᠷᠠᠭᠠᠨ ᠢᠶᠡᠨ ᠬᠠᠤᠯᠢ ᠪᠡᠷ ᠰᠢᠢᠳᠪᠦᠷᠢᠯᠡᠬᠦ ᠪᠢᠰᠢ᠂ ᠬᠤᠭᠤᠷᠤᠨᠳᠤ ᠪᠠᠨ ᠦᠪᠡᠷᠲᠡᠭᠡᠨ ᠰᠢᠢᠳᠪᠦᠷᠢᠯᠡᠬᠦ ᠦᠵᠡᠭᠳᠡᠯ ᠤᠯᠠᠳᠠᠵᠤ ᠪᠠᠶᠢᠨ᠎ᠠ ᠭᠡᠨ᠎ᠡ᠃
      ᠡᠶᠢᠮᠦᠷᠬᠦ ᠬᠠᠤᠯᠢ ᠡᠴᠡ ᠭᠠᠳᠠᠭᠤᠷ ᠵᠦᠷᠢᠴᠡᠯ ᠢᠶᠡᠨ ᠰᠢᠢᠳᠪᠦᠷᠢᠯᠡᠵᠦ ᠴᠢᠳᠠᠭᠰᠠᠨ ᠨᠢ ᠠᠳᠠᠭ ᠲᠠᠭᠠᠨ ᠵᠢᠭᠤᠷᠠᠭᠠᠨ ᠤ ᠲᠤᠬᠠᠢ ᠶ᠋ᠢᠨ ᠡᠳᠡᠭᠡᠳ ᠨᠥᠭᠥᠳ ᠬᠤᠭᠤᠷᠤᠨᠳᠤ ᠪᠠᠨ ᠶᠠᠷᠢᠯᠴᠠᠨ ᠨᠢᠭᠡ ᠵᠦᠢᠯ ᠤᠨ ᠬᠠᠮᠳᠤ ᠶ᠋ᠢᠨ ᠲᠠᠨᠢᠯᠳᠠ ᠳ᠋ᠤ ᠬᠦᠷᠦᠯ᠎ᠡ ᠭᠡᠰᠡᠨ ᠦᠭᠡ᠃ ᠬᠡᠷᠪᠡ ᠨᠢᠭᠡ ᠬᠠᠮᠳᠤ ᠴᠤᠭᠴᠠ ᠨᠢ ᠵᠦᠷᠢᠴᠡᠯ ᠪᠤᠶᠤ ᠵᠢᠭᠤᠷᠠᠭᠠᠨ ᠢᠶᠡᠨ ᠲᠤᠳᠤᠭᠠᠳᠤ ᠳ᠋ᠠᠭᠠᠨ ᠰᠢᠢᠳᠪᠦᠷᠢᠯᠡᠳᠡᠭ ᠪᠤᠯ ᠪᠦᠯᠬᠦᠮ ᠴᠤᠭᠴᠠ ᠶ᠋ᠢᠨ ᠬᠡᠰᠢᠭᠦᠳ ᠨᠢ ᠲᠤᠳᠤᠭᠠᠳᠤ ᠶ᠋ᠢᠨ ᠶᠠᠪᠤᠯᠴᠠᠭ᠎ᠠ ᠪᠡᠷ ᠲᠠᠮᠵᠢᠨ ᠬᠠᠮᠳᠤᠷᠠᠭᠰᠠᠨ ᠲᠠᠨᠢᠯᠳᠠ ᠲᠠᠢ ᠪᠤᠯᠤᠭᠰᠠᠨ ᠭᠡᠵᠦ ᠤᠶᠢᠯᠭᠠᠵᠤ ᠪᠤᠯᠤᠨ᠎ᠠ᠃ ᠡᠨᠡᠬᠦ ᠬᠠᠮᠳᠤ ᠶ᠋ᠢᠨ ᠲᠠᠨᠢᠯᠳᠠ ᠨᠢ ᠲᠤᠰ ᠪᠦᠯᠬᠦᠮ ᠴᠤᠭᠴᠠ ᠶ᠋ᠢᠨ ᠬᠠᠮᠳᠤ ᠶ᠋ᠢᠨ ᠠᠵᠢᠯᠯᠠᠭᠠᠨ ᠤ ᠲᠦᠷᠢᠮᠵᠢᠯ ᠳ᠋ᠤ ᠡᠷᠬᠡ ᠤᠯᠭᠤᠵᠤ᠂ ᠬᠢᠵᠠᠭᠠᠷᠯᠠᠬᠤ ᠬᠦᠴᠦᠨ ᠲᠠᠢ ᠪᠤᠯᠭᠠᠵᠤ ᠬᠠᠤᠯᠢ ᠶ᠋ᠢᠨ ᠰᠢᠨᠵᠢ ᠲᠠᠢ ᠪᠤᠯᠭᠠᠵᠠᠢ ᠭᠡᠰᠡᠨ ᠦᠭᠡ ᠪᠤᠯᠤᠨ᠎ᠠ᠃ 《 ᠡᠯ᠎ᠡ ᠦᠨᠳᠦᠰᠦᠳᠡᠨ ᠨᠢ ᠬᠦᠭ᠍ᠵᠢᠯᠳᠡ ᠶ᠋ᠢᠨ ᠶᠠᠪᠤᠴᠠ ᠳ᠋ᠠᠭᠠᠨ ᠪᠦᠷ ᠲᠡᠳᠡᠨᠤᠰ ᠤᠨ ᠤᠨᠴᠠᠭᠠᠢ ᠲᠦᠷᠢᠮ ᠲᠤᠭᠳᠠᠭᠠᠯ ᠲᠠᠢ ᠪᠠᠶᠢᠵᠤ᠂ ᠲᠤᠰ ᠦᠨᠳᠦᠰᠦᠳᠡᠨ ᠤ ᠪᠠᠨ ᠬᠠᠮᠳᠤ ᠶ᠋ᠢᠨ ᠠᠰᠢᠭ ᠲᠤᠰᠠ ᠪᠠᠨ ᠬᠠᠮᠠᠭᠠᠯᠠᠵᠤ᠂ ᠲᠤᠰ ᠦᠨᠳᠦᠰᠦᠳᠡᠨ ᠤ ᠬᠡᠰᠢᠬᠦᠳ ᠤᠨ ᠬᠤᠭᠤᠷᠤᠨᠳᠤᠬᠢ ᠡᠷᠬᠡ ᠡᠭᠦᠷᠭᠡ ᠵᠢᠴᠢ ᠪᠤᠰᠤᠳ ᠦᠨᠳᠦᠰᠦᠳᠡᠨ ᠯᠤᠭ᠎ᠠ ᠶ᠋ᠢᠨ ᠬᠠᠷᠢᠴᠠᠭ᠎ᠠ ᠶ᠋ᠢ ᠲᠤᠬᠢᠷᠠᠭᠤᠯᠳᠠᠭ᠃ ᠡᠳᠡᠭᠡᠷ ᠤᠨᠴᠠᠭᠠᠢ ᠲᠦᠷᠢᠮ ᠲᠤᠭᠳᠠᠭᠠᠯ︵ᠪᠤᠶᠤ ᠵᠠᠡᠭ ᠠᠭᠠᠯᠢ᠂ ᠵᠠᠡᠭ ᠵᠠᠡᠭᠰᠢᠯ᠂ ᠵᠤᠷᠰᠢᠯ᠂ ᠲᠡᠭᠡᠳᠦᠰ ᠤᠨ ᠰᠤᠷᠭᠠᠯ) ᠨᠢ ᠲᠠᠷᠤᠢ ᠦᠨᠳᠦᠰᠦᠳᠡᠨ ᠤ ᠵᠠᠡᠭᠰᠢᠯ ᠤᠨ ᠬᠠᠤᠯᠢ ᠪᠤᠯᠤᠨ᠎ᠠ〔1〕》᠃ ᠬᠠᠤᠯᠢ ᠶ᠋ᠢᠨ ᠬᠤᠪᠢᠶᠠᠷᠯᠠᠯ ᠤᠯᠠᠨ ᠪᠠᠶᠢᠬᠤ ᠪᠦᠭᠡᠳ ᠵᠠᠡᠭᠰᠢᠯ ᠤᠨ ᠬᠠᠤᠯᠢ ᠨᠢ ᠬᠠᠤᠯᠢ ᠶ᠋ᠢᠨ ᠨᠢᠭᠡᠨ ᠪᠦᠷᠢᠯᠳᠦᠭᠦᠨ ᠭᠡᠳᠡᠭ ᠨᠢ ᠰᠡᠵᠢᠭᠯᠡᠰᠢ ᠦᠭᠡᠢ᠃ ᠬᠠᠤᠯᠢ ᠶ᠋ᠢᠨ ᠬᠦᠮᠦᠨ ᠰᠤᠳᠤᠯᠤᠯ ᠤᠨ ᠬᠠᠷᠠᠭᠠᠨ ᠳ᠋ᠡᠬᠢ ᠵᠠᠡᠭᠰᠢᠯ ᠤᠨ ᠬᠠᠤᠯᠢ ᠭᠡᠳᠡᠭ ᠨᠢ 《 ᠵᠤᠬᠢᠬᠤ ᠰᠤᠶᠤᠯ ᠤᠨ ᠤᠷᠤᠨ ᠵᠠᠢ ᠳ᠋ᠡᠬᠢ ᠨᠡᠶᠢᠭᠡᠮ — ᠰᠤᠶᠤᠯ ᠤᠨ ᠭᠤᠤᠯ ᠴᠤᠭᠴᠠ ᠳ᠋ᠤ ᠨᠡᠶᠢᠳᠡᠮ ᠵᠦᠪᠰᠢᠶᠡᠷᠡᠭᠳᠡᠭᠰᠡᠨ᠂ ᠶᠠᠪᠤᠯᠴᠠᠭᠠᠨ ᠤ ᠲᠤᠬᠠᠢ ᠶ᠋ᠢᠨ ᠡᠳᠡᠭᠡᠳ ᠲᠤ ᠨᠡᠶᠢᠳᠡᠮ ᠤᠨ ᠬᠢᠵᠠᠭᠠᠷᠯᠠᠬᠤ ᠬᠦᠴᠦᠨ ᠲᠠᠢ᠂ ᠶᠠᠪᠤᠯᠴᠠᠭᠠᠨ ᠤ ᠲᠤᠬᠠᠢ ᠶ᠋ᠢᠨ ᠡᠳᠡᠭᠡᠳ ᠤᠨ ᠵᠢᠭᠤᠷᠠᠭᠠᠨ ᠢᠶᠡᠨ ᠰᠢᠢᠳᠪᠦᠷᠢᠯᠡᠬᠦ ᠳ᠋ᠤ ᠦᠨᠳᠦᠰᠦ ᠪᠠᠷᠢᠮᠳᠠ ᠪᠤᠯᠭᠠᠳᠠᠭ ᠦᠢᠯᠡ ᠠᠵᠢᠯᠠᠯᠠᠭᠠᠨ ᠤ ᠲᠦᠷᠢᠮᠵᠢᠯ ᠪᠤᠯᠤᠨ᠎ᠠ〔2〕》᠃
      《 ᠦᠷᠦᠨᠡᠳᠠᠬᠢᠨ ᠤ ᠬᠠᠤᠯᠢ ᠶ᠋ᠢᠨ ᠡᠷᠳᠡᠮᠳᠡᠳ ᠵᠠᠡᠭᠰᠢᠯ ᠤᠨ ᠬᠠᠤᠯᠢ ᠶ᠋ᠢ ᠲᠦᠷᠦ ᠳ᠋ᠤ ᠮᠡᠳᠡᠷᠡᠭᠳᠡᠭᠰᠡᠨ ᠵᠠᠡᠭᠰᠢᠯ ᠤᠨ ᠬᠠᠤᠯᠢ ᠪᠤᠯᠤᠨ ᠬᠡᠳᠦᠶᠢᠪᠡᠷ ᠲᠦᠷᠦ ᠳ᠋ᠤ ᠮᠡᠳᠡᠷᠡᠭᠳᠡᠭᠡ ᠦᠭᠡᠢ ᠪᠤᠯᠪᠠᠴᠤ ᠪᠤᠳᠠᠳᠠᠢ ᠲᠡᠭᠡᠷ᠎ᠡ ᠪᠠᠨ ᠬᠠᠤᠯᠢ ᠶ᠋ᠢᠨ ᠦᠢᠯᠡᠳᠦᠯ ᠭᠠᠷᠭᠠᠵᠤ ᠪᠠᠶᠢᠭ᠎ᠠ ᠵᠠᠡᠭᠰᠢᠯ ᠤᠨ ᠬᠠᠤᠯᠢ ᠬᠡᠵᠦ ᠬᠤᠶᠠᠷ ᠲᠦᠷᠦᠯ ᠳ᠋ᠤ ᠠᠡᠩᠬᠢᠯᠠᠳᠠᠭ 〔3〕》᠃ ᠠᠡᠭᠭᠯᠢ ᠤᠯᠤᠰ ᠤᠨ ᠬᠠᠤᠯᠢ ᠵᠦᠢ ᠶ᠋ᠢᠨ ᠡᠷᠳᠡᠮᠳᠡᠨ ᠤᠤᠽᠳᠢᠨ ᠵᠣᠨ︵Austin John) ᠤ ᠦᠵᠡᠬᠦ ᠪᠡᠷ ᠡᠷᠬᠡᠳᠤ ᠡᠳᠡᠭᠡᠳ᠂ ᠵᠠᠷᠯᠢᠭ ᠪᠤᠯᠤᠨ ᠵᠠᠯᠬᠠᠭᠠᠯᠠᠯ ᠭᠡᠬᠦ ᠭᠤᠷᠪᠠᠨ ᠡᠯᠸᠮᠸᠨ᠋ᠲ ᠢ ᠪᠦᠷᠢᠯᠳᠦᠭᠦᠯᠪᠡᠯ ᠲᠠᠷᠤᠢ ᠬᠠᠤᠯᠢ ᠪᠤᠯᠤᠨ᠎ᠠ〔4〕᠃ ᠲᠡᠭᠦᠨ ᠤ ᠦᠵᠡᠬᠦ ᠪᠡᠷ᠄ 《 ᠵᠠᠷᠢᠮ ᠲᠦᠷᠢᠮ ᠲᠤᠭᠳᠠᠭᠠᠯ ᠢ ᠨᠠᠵᠠᠭᠠᠢ ᠪᠠᠶᠢᠳᠠᠯ ᠳ᠋ᠤ ᠠᠮᠢᠳᠤᠷᠠᠵᠤ ᠪᠠᠶᠢᠬᠤ ᠬᠦᠮᠦᠰ ᠲᠤᠭᠳᠠᠭᠠᠵᠠᠢ᠂ ᠨᠠᠵᠠᠭᠠᠢ ᠪᠠᠶᠢᠳᠠᠯ ᠭᠡᠳᠡᠭ ᠨᠢ ᠠᠶᠠᠨᠳᠠᠭᠠᠨ ᠤ ᠪᠠᠶᠢᠳᠠᠯ ᠪᠤᠶᠤ ᠵᠠᠰᠠᠭ ᠦᠭᠡᠢ ᠪᠠᠶᠢᠳᠠᠯ ᠢ ᠵᠢᠭᠠᠵᠤ ᠪᠠᠶᠢᠨ᠎ᠠ᠂ ᠡᠨᠳᠡ ᠬᠡᠯᠡᠵᠦ ᠪᠠᠶᠢᠭ᠎ᠠ ᠤᠳᠬ᠎ᠠ ᠨᠢ ᠬᠠᠤᠯᠢ ᠲᠤᠭᠳᠠᠭᠠᠭᠴᠢ ᠨᠢ ᠬᠠᠮᠢᠶᠠᠷᠬᠤ ᠪᠤᠶᠤ ᠡᠷᠬᠡᠰᠢᠶᠡᠬᠦ ᠪᠠᠶᠢᠳᠠᠯ ᠳ᠋ᠤ ᠤᠷᠤᠰᠢᠵᠤ ᠪᠠᠶᠢᠬᠤ ᠦᠭᠡᠢ᠂ ᠡᠰᠡᠭᠦᠯ᠎ᠡ ᠶᠠᠮᠠᠷ ᠨᠢᠭᠡᠨ ᠤᠯᠤᠰ ᠲᠦᠷᠦ ᠨᠡᠶᠢᠭᠡᠮ ᠳ᠋ᠤ ᠬᠠᠤᠯᠢ ᠲᠤᠭᠳᠠᠭᠠᠭᠴᠢ ᠨᠢ ᠬᠠᠮᠤᠭ ᠲᠡᠭᠡᠲᠦ ᠨᠤᠶᠠᠷᠬᠠᠭᠴᠢ ᠪᠢᠰᠢ᠂ ᠮᠦᠨ ᠲᠦᠰᠢᠮᠡᠯ ᠰᠠᠶᠢᠳ ᠴᠤ ᠪᠢᠰᠢ 〔5〕》᠃ ᠡᠭᠦᠨ ᠡᠴᠡ ᠪᠢᠳᠡ ᠵᠠᠡᠭᠰᠢᠯ ᠤᠨ ᠬᠠᠤᠯᠢ ᠨᠢ ᠶᠠᠮᠠᠷ ᠨᠢᠭᠡᠨ ᠨᠤᠶᠠᠷᠬᠠᠭᠴᠢ ᠪᠤᠶᠤ ᠲᠦᠷᠦ ᠶ᠋ᠢᠨ ᠲᠤᠰᠢᠶᠠᠯᠳᠠᠨ ᠤ ᠢᠳᠡᠪᠬᠢ ᠬᠦᠭᠡᠭᠡᠴᠡᠯᠳᠦᠯ ᠪᠤᠶᠤ ᠠᠵᠢᠯᠯᠠᠭ᠎ᠠ ᠪᠡᠷ ᠵᠤᠬᠢᠶᠠᠭᠳᠠᠬᠤ ᠪᠢᠰᠢ᠂ ᠬᠠᠷᠢᠨ ᠠᠮᠢᠳᠤᠷᠠᠯ ᠤᠨ ᠶᠠᠪᠤᠴᠠ ᠳ᠋ᠤ ᠠᠶᠠᠨᠳᠠᠭᠠᠨ ᠪᠦᠷᠢᠯᠳᠦᠨ ᠲᠤᠭᠳᠠᠨᠢᠳᠠᠭ ᠭᠡᠰᠡᠨ ᠢ ᠮᠡᠳᠡᠵᠦ ᠪᠤᠯᠤᠨ᠎ᠠ᠃ ᠵᠠᠡᠭᠰᠢᠯ ᠤᠨ ᠬᠠᠤᠯᠢ ᠶ᠋ᠢᠨ ᠤᠬᠠᠭᠳᠠᠬᠤᠨ ᠤ ᠲᠤᠬᠠᠢ ᠯᠢᠶᠠᠡᠭ ᡁᠢ ᠫᠢᠩ ᠲᠡᠭᠦᠨ ᠤ 《ᠴᠢᠡᠭ ᠤᠯᠤᠰ ᠤᠨ ᠦᠶ᠎ᠡ ᠶ᠋ᠢᠨ ᠵᠠᠡᠭᠰᠢᠯ ᠤᠨ ᠬᠠᠤᠯᠢ᠄ ᠨᠡᠶᠢᠭᠡᠮ ᠪᠠ ᠲᠦᠷᠦ》 ᠭᠡᠳᠡᠭ ᠨᠤᠮ ᠳ᠋ᠠᠭᠠᠨ᠄ 《 ᠵᠠᠡᠭᠰᠢᠯ ᠤᠨ ᠬᠠᠤᠯᠢ ᠭᠡᠳᠡᠭ ᠨᠢ ᠡᠶᠢᠮᠦᠷᠬᠦ ᠨᠢᠭᠡ ᠬᠡᠰᠡᠭ ᠤᠷᠤᠨ ᠨᠤᠲᠤᠭ ᠤᠨ ᠴᠢᠨᠠᠷᠲᠠᠢ ᠲᠦᠷᠢᠮ ᠲᠤᠭᠳᠠᠭᠠᠯ ᠨᠣᠭᠣᠳ ᠪᠤᠯᠤᠨ᠎ᠠ᠃ ᠲᠡᠷᠡ ᠨᠢ ᠠᠷᠠᠳ ᠲᠦᠮᠡᠨ ᠤ ᠤᠷᠳᠤ ᠬᠤᠭᠤᠴᠠᠭᠠᠨ ᠬᠦᠳᠡᠯᠮᠦᠷᠢ ᠠᠮᠢᠳᠤᠷᠠᠯ ᠤᠨ ᠶᠠᠪᠤᠴᠠ ᠳ᠋ᠤ ᠠᠶᠠᠨᠳᠠᠭᠠᠨ ᠪᠦᠷᠢᠯᠳᠦᠵᠡᠢ᠃ ᠲᠡᠷᠡ ᠨᠢ ᠠᠷᠠᠳ ᠲᠦᠮᠡᠨ ᠤ ᠡᠷᠬᠡ ᠡᠭᠦᠷᠭᠡ ᠶ᠋ᠢ ᠬᠤᠪᠢᠶᠠᠷᠢᠯᠠᠵᠤ᠂ ᠲᠡᠳᠡᠨᠤᠰ ᠤᠨ ᠬᠤᠭᠤᠷᠤᠨᠳᠤᠬᠢ ᠠᠰᠢᠭ ᠲᠤᠰᠠ ᠶ᠋ᠢᠨ ᠮᠦᠷᠭᠦᠯᠳᠦᠭᠡᠨ ᠢ ᠲᠤᠬᠢᠷᠠᠭᠤᠯᠵᠤ ᠵᠤᠬᠢᠴᠠᠭᠤᠯᠵᠤ ᠪᠠᠶᠢᠳᠠᠭ᠃ ᠲᠡᠷᠡ ᠮᠦᠷᠲᠡᠭᠡᠨ ᠡᠳᠡᠭᠡᠷ ᠤᠷᠤᠨ ᠨᠤᠲᠤᠭ ᠤᠨ ᠴᠢᠨᠠᠷᠳᠠᠢ ᠲᠦᠷᠢᠮ ᠲᠤᠭᠳᠠᠭᠠᠯ ᠨᠣᠭᠣᠳ ᠨᠢ ᠲᠤᠭᠳᠠᠭᠰᠠᠨ ᠨᠡᠶᠢᠭᠡᠮ ᠤᠨ ᠬᠠᠷᠢᠴᠠᠭᠠᠨ ᠤ ᠰᠢᠰᠲ᠋ᠸᠮ ᠲᠤᠳᠤᠷ᠎ᠠ ᠶᠠᠪᠤᠭᠳᠠᠳᠠᠭ 〔6〕》 ᠭᠡᠵᠦ ᠲᠤᠮᠢᠶᠠᠯᠠᠵᠠᠢ᠃ ᠲᠤᠰ ᠦᠭᠦᠯᠡᠯ ᠳ᠋ᠤ ᠶᠠᠷᠢᠬᠤ ᠭᠡᠵᠦ ᠪᠠᠶᠢᠭ᠎ᠠ ᠬᠦᠢᠰᠦᠳᠦ ᠶ᠋ᠢᠨ ᠦᠷᠲᠡᠭᠡᠨ ᠤ ᠬᠦᠮᠦᠰ ᠤᠨ ᠬᠠᠮᠳᠤ ᠶ᠋ᠢᠨ ᠠᠵᠢᠯᠯᠠᠭᠠᠨ ᠤ ᠵᠠᠷᠴᠢᠮ ᠪᠤᠯᠤᠨ ᠲᠤᠳᠤᠭᠠᠳᠤ ᠶ᠋ᠢᠨ ᠲᠦᠷᠢᠮᠵᠢᠯ ᠲᠤᠭᠳᠠᠭᠠᠯ ᠨᠢ ᠡᠨᠡᠬᠦ ᠲᠤᠮᠢᠶᠠᠯᠠᠯ ᠲᠠᠢ ᠨᠡᠶᠢᠴᠡᠵᠦ ᠪᠠᠶᠢᠬᠤ ᠪᠤᠯᠬᠤᠷ ᠪᠢ ᠲᠡᠭᠦᠨ ᠢ ᠵᠠᠡᠭᠰᠢᠯ ᠤᠨ ᠬᠠᠤᠯᠢ ᠶ᠋ᠢᠨ ᠬᠦᠷᠢᠶᠠᠨ ᠳ᠋ᠤ ᠪᠠᠬᠳᠠᠨ᠎ᠠ ᠭᠡᠵᠦ ᠦᠵᠡᠪᠡ᠃
      ᠮᠠᠷᠺᠸᠰ ᠸᠸᠪᠡᠷ︵Max Weber)  ᠤᠨ ᠦᠵᠡᠬᠦ ᠪᠡᠷ᠄ 《 ᠬᠡᠷᠪᠡ᠂ ᠲᠡᠷᠡ ᠮᠦᠷᠲᠡᠭᠡᠨ ᠵᠦᠪᠬᠡᠨ ᠲᠤᠭᠳᠠᠭᠰᠠᠨ ᠬᠡᠪᠴᠢᠶ᠎ᠡ ᠲᠠᠢ ᠨᠢᠭᠡ ᠪᠦᠯᠦᠭ ᠬᠦᠮᠦᠰ ᠤᠨ ᠲᠤᠳᠤᠭᠠᠳᠤ ᠳ᠋ᠤ᠂ ᠨᠡᠶᠢᠭᠡᠮ ᠤᠨ ᠠᠵᠢᠯᠯᠠᠭᠠᠨ ᠤ ᠬᠠᠠᠳᠤᠰᠢ ᠨᠢ ᠡᠮᠬᠢ ᠵᠢᠷᠦᠮ ᠲᠠᠢ ᠪᠡᠷ ᠪᠤᠳᠠᠳᠠᠢ ᠪᠡᠷ ᠢᠯᠡᠷᠡᠬᠦ ᠲᠤᠬᠢᠶᠠᠯᠳᠤᠯ ᠲᠠᠢ ᠪᠦᠭᠡᠳ ᠬᠡᠷᠪᠡ ᠵᠦᠪᠬᠡᠨ ᠪᠤᠳᠠᠳᠤ ᠦᠢᠯᠡᠳᠦᠯᠭᠡ ᠶ᠋ᠢᠨ ᠲᠤᠮᠳᠠ ᠢᠯᠡᠷᠡᠪᠡᠯ ᠪᠢᠳᠡ ᠡᠨᠡᠬᠦ ᠲᠤᠬᠢᠶᠠᠯᠳᠤᠯ ᠢ ᠵᠠᠡᠭᠰᠢᠯ ᠭᠡᠵᠦ ᠬᠡᠯᠡᠵᠦ ᠪᠤᠯᠤᠨ᠎ᠠ᠂ ᠬᠡᠷᠪᠡ ᠪᠤᠳᠠᠳᠤ ᠦᠢᠯᠡᠳᠦᠯᠭᠡ ᠨᠢ ᠤᠷᠳᠤ ᠬᠤᠭᠤᠴᠠᠭᠠᠨ ᠤ ᠵᠠᠡᠭᠰᠢᠯ ᠤᠨ ᠰᠠᠭᠤᠷᠢᠨ ᠲᠡᠭᠡᠷ᠎ᠡ ᠪᠤᠢ ᠪᠤᠯᠤᠭᠰᠠᠨ ᠪᠤᠯ ᠪᠢᠳᠡ ᠲᠡᠭᠦᠨ ᠢ ᠵᠠᠡᠭ ᠠᠭᠠᠯᠢ ᠭᠡᠵᠦ ᠬᠡᠯᠡᠵᠦ ᠪᠤᠯᠤᠨ᠎ᠠ᠃ ᠵᠤᠷᠰᠢᠯ ᠭᠡᠳᠡᠭ ᠨᠢ 〈 ᠬᠦᠮᠦᠰ ᠤᠨ ᠶᠠᠪᠤᠯᠴᠠᠭᠠᠨ ᠤ ᠬᠦᠷᠢᠶᠡᠨ ᠤ ᠲᠤᠳᠤᠭᠠᠳᠤ ᠳ᠋ᠤ ᠬᠦᠴᠦᠨ ᠲᠠᠢ ᠭᠡᠵᠦ ᠪᠤᠳᠤᠭᠳᠠᠭᠰᠠᠨ᠂ ᠲᠡᠷᠡ ᠮᠦᠷᠲᠡᠭᠡᠨ ᠵᠦᠷᠢᠴᠡᠭᠰᠡᠨ ᠡᠳᠡᠭᠡᠳ ᠢ ᠪᠠᠰᠤᠵᠤ ᠲᠤᠷᠤᠮᠵᠢᠯᠠᠬᠤ ᠪᠡᠷ ᠲᠠᠮᠵᠢᠨ ᠪᠠᠳᠤᠯᠠᠭ᠎ᠠ ᠤᠯᠳᠠᠭ 〉 ᠵᠠᠡᠭ ᠠᠭᠠᠯᠢ ᠪᠤᠯᠤᠨ᠎ᠠ 〔7〕 》᠃ ᠡᠨᠡᠬᠦ ᠲᠤᠮᠢᠶᠠᠯᠡᠯ ᠡᠴᠡ ᠦᠵᠡᠪᠡᠯ ᠬᠦᠢᠰᠦᠳᠦ ᠶ᠋ᠢᠨ ᠦᠷᠲᠡᠭᠡᠨ ᠤ ᠲᠤᠳᠤᠭᠠᠳᠤ ᠶ᠋ᠢᠨ ᠬᠡᠪᠰᠢᠭᠰᠡᠨ ᠵᠠᠡᠭᠰᠢᠯ ᠨᠢ ᠵᠤᠷᠰᠢᠯ ᠤᠨ ᠤᠬᠠᠭᠳᠠᠬᠤᠨ ᠳ᠋ᠤ ᠨᠡᠶᠢᠴᠡᠵᠦ ᠪᠠᠶᠢᠨ᠎ᠠ᠃
      
      
      
      ᠨᠢᠭᠡᠳᠦᠭᠡᠷ ᠬᠡᠰᠡᠭ    ᠭᠠᠳᠠᠨᠠᠬᠢ ᠵᠢᠭᠤᠷᠠᠭᠠᠨ ᠤ ᠶᠠᠪᠤᠴᠠ ᠳ᠋ᠤ
      ᠪᠤᠢ ᠪᠤᠯᠤᠬᠰᠠᠨ ᠵᠠᠡᠭᠰᠢᠯ  ᠤᠨ ᠬᠠᠤᠯᠢ
      
      ᠬᠦᠢᠰᠦᠳᠦ ᠶ᠋ᠢᠨ ᠦᠷᠲᠡᠭᠡᠨ ᠤ ᠭᠠᠳᠠᠨᠠᠬᠢ ᠵᠢᠭᠤᠷᠠᠭᠠᠨ ᠢ ᠶᠠᠷᠢᠬᠤ ᠳ᠋ᠤ ᠶᠠᠭ ᠡᠳᠡᠭᠡᠷ ᠭᠠᠳᠠᠨᠠᠬᠢ ᠵᠢᠭᠤᠷᠠᠭᠠᠨ ᠡᠴᠡ ᠪᠤᠯᠵᠤ ᠬᠦᠢᠰᠦᠳᠦ ᠶ᠋ᠢᠨ ᠦᠷᠲᠡᠭᠡᠨ ᠤ ᠨᠤᠲᠤᠭ ᠪᠡᠯᠴᠢᠭᠡᠷ ᠨᠢ ᠪᠤᠰᠤᠳ ᠭᠠᠴᠠᠭ᠎ᠠ ᠲᠤᠰᠬᠤᠨ ᠡᠴᠡ ᠢᠯᠭᠠᠭᠳᠠᠬᠤ ᠲᠤᠳᠤᠷᠬᠠᠢ ᠬᠢᠯᠢ ᠶ᠋ᠢᠨ ᠪᠠᠭᠠᠨ᠎ᠠ ᠲᠡᠮᠳᠡᠭ ᠲᠠᠢ ᠪᠤᠯᠤᠭᠰᠠᠨ ᠡᠴᠡ ᠶᠠᠷᠢᠬᠤ ᠬᠡᠷᠡᠭᠳᠡᠢ᠃
      H᠄ 《 ᠮᠠᠨ ᠤ ᠬᠤᠳᠠ ᠴᠢᠨᠢ ᠭᠠᠵᠠᠷ ᠤᠨ ᠢᠶᠡᠨ ᠪᠠᠷᠠᠭᠤᠨ ᠡᠮᠦᠨ᠎ᠡ ᠵᠠᠬ᠎ᠠ ᠲᠡᠭᠡᠷ᠎ᠡ ᠰᠠᠭᠤᠴᠢᠬᠠᠭᠰᠠᠨ᠂ ᠬᠤᠶᠢᠳᠤ ᠵᠠᠬ᠎ᠠ ᠪᠡᠷ ᠢᠶᠡᠨ ᠨᠠᠭᠤᠷ ᠲᠠᠢ ᠪᠤᠯᠬᠤᠷ ᠪᠤᠰᠤᠳ ᠭᠠᠴᠠᠭ᠎ᠠ ᠮᠠᠨ ᠤ ᠭᠠᠵᠠᠷ ᠢ ᠡᠵᠡᠯᠡᠵᠦ ᠴᠢᠳᠠᠬᠤ ᠦᠭᠡᠢ᠂ ᠪᠠᠷᠠᠭᠤᠨ ᠵᠠᠬ᠎ᠠ ᠪᠤᠯᠤᠨ ᠵᠡᠭᠦᠨ ᠡᠮᠦᠨᠡᠬᠢ ᠭᠠᠵᠠᠷ ᠤᠨ ᠵᠠᠭᠠᠭ  ᠲᠡᠭᠡᠷ᠎ᠡ ᠪᠠᠨ ᠭᠠᠴᠠᠭᠠᠨ ᠤ ᠬᠦᠮᠦᠰ ᠤᠨ ᠲᠠᠷᠢᠶᠠᠨ ᠭᠠᠵᠠᠷ ᠲᠠᠢ ᠵᠠᠯᠭᠠᠭᠤᠯᠤᠭᠠᠳ ᠲᠠᠷᠢᠶᠠᠨ ᠭᠠᠵᠠᠷ ᠭᠠᠷᠭᠠᠴᠢᠬᠠᠭᠰᠠᠨ ᠪᠤᠯᠬᠤᠷ ᠭᠠᠴᠠᠭᠠᠨ ᠤ ᠬᠦᠮᠦᠰ ᠲᠠᠷᠢᠶᠠᠨ ᠭᠠᠵᠠᠷ ᠢᠶᠡᠨ ᠮᠠᠨ ᠤ ᠪᠡᠯᠴᠢᠭᠡᠷ ᠦᠭᠡᠳᠡ ᠦᠷᠭᠡᠳᠬᠡᠵᠦ ᠴᠢᠳᠠᠬᠤ ᠦᠭᠡᠢ᠂ ᠤᠳᠤ ᠵᠡᠭᠦᠨ᠂ ᠵᠡᠭᠦᠨ ᠬᠤᠶᠢᠨ᠎ᠠ ᠵᠠᠬ᠎ᠠ ᠪᠡᠷ ᠢᠶᠡᠨ ᠨᠠᠷᠠᠨ ᠤ ᠡᠨ᠋ᠸᠷᠬᠢ ᠶ᠋ᠢᠨ ᠬᠠᠪᠳᠠᠰᠤ ᠲᠠᠯᠪᠢᠬᠤ ᠭᠡᠵᠦ ᠪᠠᠶᠢᠬᠤ ᠪᠤᠯᠬᠤᠷ ᠭᠠᠵᠠᠷ ᠤᠨ ᠵᠠᠭᠠᠭ ᠲᠤᠳᠤᠷᠬᠠᠢ ᠪᠤᠯᠴᠢᠬᠠᠨ᠎ᠠ ①》᠃
      ᠬᠦᠢᠰᠦᠲᠦ ᠶ᠋ᠢᠨ ᠦᠷᠲᠡᠭᠡᠨ ᠤ ᠠᠶᠢᠯ ᠨᠢ ᠱᠠᠡᠭᠳᠤ ᠰᠢᠶᠠᠨ ᠤ ᠰᠢᠶᠤᠤ ᠬᠠᠢ ᠽᠢ ᠰᠢᠶᠠᠡᠭ ᠤᠨ ᠵᠢᠢ ᠵᠢᠶᠠ ᠲᠤᠰᠬᠤᠨ ᠲᠠᠢ ᠨᠢᠭᠡ ᠺᠢᠯᠤᠮᠸᠲ᠋ᠷ ᠬᠦᠷᠬᠦ ᠦᠭᠡᠢ ᠵᠠᠢ ᠲᠠᠢ ᠬᠠᠶᠠᠭ᠎ᠠ ᠬᠠᠶᠠᠭ᠎ᠠ ᠪᠠᠨ ᠲᠠᠷᠤᠨ ᠰᠠᠭᠤᠵᠤ ᠪᠠᠶᠢᠨ᠎ᠠ᠃ ᠪᠠᠶᠢᠴᠠᠭᠠᠯᠳᠠ ᠲᠤᠮᠳᠠ ᠤᠢᠢᠯᠠᠭᠠᠭᠰᠠᠠ ᠢᠶᠠᠷ ᠡᠨᠡ ᠬᠤᠶᠠᠷ ᠠᠶᠢᠯ ᠤᠨ ᠬᠤᠭᠤᠷᠤᠨᠳᠤ ᠭᠠᠵᠠᠷ ᠤᠨ ᠵᠢᠭᠤᠷᠠᠭᠠᠨ ᠭᠠᠷᠴᠤ ᠦᠩᠭᠡᠷᠡᠭᠰᠡᠨ ᠡᠴᠡ ᠬᠦᠢᠰᠦᠳᠦ ᠶ᠋ᠢᠨ ᠦᠷᠲᠡᠭᠡᠨ ᠤ ᠬᠦᠮᠦᠰ ᠵᠢᠢ ᠵᠢᠶᠠ ᠲᠤᠰᠬᠤᠨ ᠲᠠᠢ ᠨᠠᠭᠠᠯᠳᠤᠨ ᠰᠠᠭᠤᠷᠢᠰᠢᠵᠤ ᠭᠠᠵᠠᠷ ᠤᠨ  ᠵᠠᠭᠠᠭ ᠢᠶᠡᠨ ᠲᠤᠳᠤᠳᠬᠠᠵᠠᠢ᠃
      A ᠄ 《 ᠤᠤᠯ ᠨᠢ ᠭᠠᠴᠠᠭᠠᠨ ᠤ ᠬᠦᠮᠦᠰ ᠮᠠᠨ ᠤ ᠬᠤᠳᠠᠨ ᠤ ᠪᠡᠯᠴᠢᠭᠡᠷ ᠲᠠᠢ ᠵᠠᠯᠭᠠᠯᠳᠤᠵᠤ ᠪᠠᠶᠢᠬᠤ ᠲᠠᠷᠢᠶᠠᠨ ᠭᠠᠵᠠᠷ ᠢᠶᠡᠨ ᠵᠢᠯ ᠪᠤᠯᠭᠠᠨ ᠪᠠᠭ᠎ᠠ ᠪᠠᠭ᠎ᠠ ᠪᠡᠷ ᠶᠡᠬᠡᠰᠬᠡᠵᠦ ᠮᠠᠨ ᠤ ᠭᠠᠵᠠᠷ ᠢ ᠡᠵᠡᠯᠡᠭᠡᠳ ᠪᠠᠶᠢᠨ᠎ᠠ᠂ ᠴᠢᠩᠬᠢᠭᠡᠳ ᠪᠢᠳᠡ ᠲᠡᠲᠡᠨ ᠤ ᠲᠠᠷᠢᠶᠠᠨ ᠭᠠᠵᠠᠷ ᠢ ᠵᠠᠯᠭᠠᠭᠤᠯᠤᠭᠠᠳ ᠲᠠᠷᠢᠶᠠᠨ ᠭᠠᠵᠠᠷ ᠭᠠᠷᠭᠠᠴᠢᠬᠠᠭᠰᠠᠨ᠂ ᠲᠡᠭᠡᠭᠡᠳ ᠲᠡᠳᠡ ᠲᠠᠷᠢᠶᠠᠨ ᠭᠠᠵᠠᠷ ᠢᠶᠡᠨ ᠶᠡᠬᠡᠰᠬᠡᠵᠦ ᠴᠢᠳᠠᠬᠤ ᠪᠠᠨ ᠪᠠᠶᠢᠭᠰᠠᠨ ②》᠃
      ᠦᠩᠭᠡᠷᠡᠭᠰᠡᠨ ᠳ᠋ᠤ ᠬᠦᠢᠰᠦᠳᠦ ᠶ᠋ᠢᠨ ᠦᠷᠲᠡᠭᠡ ᠨᠢ ᠤᠶᠢᠷ᠎ᠠ ᠬᠠᠪᠢ ᠶ᠋ᠢᠨ ᠲᠠᠷᠢᠶᠠᠯᠠᠬᠤ ᠲᠤᠰᠬᠤᠨ ᠨᠣᠭᠣᠳ ᠲᠠᠢ ᠦᠷᠬᠦᠯᠵᠢ ᠭᠠᠵᠠᠷ ᠰᠢᠷᠤᠢ ᠶ᠋ᠢᠨ ᠵᠢᠭᠤᠷᠠᠭᠠᠨ ᠭᠠᠷᠴᠤ᠂ ᠤᠨᠴᠠᠭᠠᠶᠢᠯᠠᠨ ᠬᠦᠢᠰᠦᠳᠦ ᠶ᠋ᠢᠨ ᠦᠷᠲᠡᠭᠡ ᠨᠢ ᠪᠠᠷᠠᠭᠤᠨ ᠲᠠᠯ᠎ᠠ ᠪᠡᠷ ᠢᠶᠡᠨ ᠦᠪᠦᠷ ᠮᠤᠡᠭᠭᠤᠯ ᠤᠨ ᠱᠠᠡᠭᠳᠤ ᠰᠢᠶᠠᠨ ᠲᠠᠢ ᠬᠢᠯᠢᠯᠡᠵᠦ ᠪᠠᠶᠢᠬᠤ ᠪᠤᠯᠬᠤᠷ ᠭᠠᠵᠠᠷ ᠤᠨ ᠵᠢᠭᠤᠷᠠᠭᠠᠨ ᠨᠢ ᠬᠤᠶᠠᠷ ᠮᠤᠵᠢ ᠶ᠋ᠢᠨ ᠬᠤᠭᠤᠷᠤᠨᠳᠤᠬᠢ ᠵᠠᠭᠠᠭ ᠤᠨ ᠵᠢᠭᠤᠷᠠᠭᠠᠨ ᠤ ᠰᠢᠨᠵᠢ ᠲᠠᠢ ᠪᠠᠶᠢᠵᠤ ᠰᠢᠢᠳᠪᠦᠷᠢᠯᠡᠬᠦ ᠳ᠋ᠤ ᠬᠦᠴᠢᠷᠳᠡᠢ ᠪᠠᠶᠢᠳᠠᠭ ᠪᠠᠶᠢᠨ᠎ᠠ᠃ 《 ᠱᠠᠡᠭ ᠢ ᠰᠢᠶᠠᠨ ᠤ ᠤᠶᠢᠯᠠᠯᠭ᠎ᠠ》 ᠳ᠋ᠤ ᠲᠡᠮᠳᠡᠭᠯᠡᠭᠰᠡᠨ ᠢᠶᠠᠷ᠄ 《1962 ᠤᠨ ᠳ᠋ᠤ ᠱᠠᠡᠭᠳᠤ ᠰᠢᠶᠠᠨ ᠢ ᠦᠪᠦᠷ ᠮᠤᠡᠭᠭᠤᠯ ᠤᠨ ᠬᠠᠷᠢᠶᠠᠨ ᠳ᠋ᠤ ᠤᠷᠤᠭᠤᠯᠬᠤ ᠦᠶᠡᠰ ᠬᠦᠢᠰᠦᠳᠦ ᠶ᠋ᠢᠨ ᠦᠷᠲᠡᠭᠡᠨ ᠤ ᠮᠠᠯᠴᠢᠳ ᠱᠠᠡᠭᠳᠤ ᠰᠢᠶᠠᠨ ᠤ ᠨᠠᠶᠠᠨ ᠲᠠᠪᠤᠳᠤᠭᠠᠷ ᠨᠤᠮᠸᠷᠲᠤ ᠪᠠᠷᠢᠭᠠᠳᠠ ᠲᠠᠢ ᠵᠢᠭᠤᠷᠠᠭᠠᠨ ᠡᠭᠦᠰᠴᠦ ᠮᠤᠡᠭᠭᠤᠯᠴᠤᠳ ᠲᠦᠪ ᠲᠤ ᠤᠴᠢᠵᠤ ᠵᠠᠭᠠᠯᠳᠤᠭᠰᠠᠨ ᠭᠡᠨ᠎ᠡ᠃ ᠡᠭᠦᠨ ᠳ᠋ᠤ ᠤᠤᠯ ᠤᠨ ᠬᠦᠢᠰᠦᠳᠦ ᠶ᠋ᠢᠨ ᠦᠷᠲᠡᠭᠡᠨ ᠤ ᠬᠦᠨᠳᠦ ᠪᠠᠶᠢᠭᠰᠠᠨ᠂ ᠴᠢᠯᠦᠭᠡᠯᠡᠭᠳᠡᠭᠰᠡᠨ ᠤ ᠲᠠᠷᠠᠭ᠎ᠠ ᠱᠠᠡᠭ ᠢ ᠰᠢᠶᠠᠨ ᠤ ᠠᠷᠠᠳ ᠤᠨ ᠶᠠᠪᠤᠳᠠᠯ ᠤᠨ ᠲᠤᠪᠴᠢᠶ᠎ᠠ᠂ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ ᠳ᠋ᠤ ᠠᠵᠢᠯᠯᠠᠵᠤ ᠪᠠᠶᠢᠭᠰᠠᠨ ᠮᠦᠩᠬᠡᠲᠡᠮᠦᠷ ᠭᠡᠳᠡᠭ ᠬᠦᠮᠦᠨ ᠲᠡᠤᠬᠡᠨ ᠪᠠᠷᠢᠮᠳᠠ ᠨᠣᠭᠣᠳ ᠢ ᠭᠠᠷᠭᠠᠨ᠂ ᠡᠭᠦᠨ ᠤ ᠵᠡᠷᠭᠡᠪᠡᠷ ᠮᠤᠡᠭᠭᠤᠯᠴᠤᠳ ᠢᠶᠡᠨ ᠲᠠᠶᠢᠳᠬᠤᠷᠠᠭᠤᠯᠤᠨ ᠤᠴᠢᠷ ᠶᠠᠪᠤᠳᠠᠯ ᠤᠨ ᠶᠡᠬᠡᠰᠬᠦ ᠶ᠋ᠢ ᠬᠤᠷᠢᠭᠯᠠᠪᠠ 〔8〕》ᠭᠡᠵᠦ ᠲᠡᠮᠳᠡᠭᠯᠡᠵᠦ ᠪᠠᠶᠢᠨ᠎ᠠ᠃
      ᠬᠦᠢᠰᠦᠳᠦ ᠶ᠋ᠢᠨ ᠦᠷᠲᠡᠭᠡᠨ ᠤ ᠬᠦᠮᠦᠰ ᠨᠢ ᠲᠠᠡᠭ ᠭᠠᠭᠴᠠ ᠪᠠᠷᠠᠭᠤᠨ ᠲᠠᠯ᠎ᠠ ᠶ᠋ᠢᠨ ᠬᠢᠳᠡᠳ ᠲᠤᠰᠬᠤᠨ ᠲᠠᠢ ᠭᠠᠵᠠᠷ ᠤᠨ ᠵᠠᠷᠭᠤ ᠬᠢᠭ᠍ᠰᠡᠨ ᠪᠢᠰᠢ᠂ ᠪᠤᠰᠤᠳ ᠲᠤᠰᠬᠤᠨ ᠲᠠᠢ ᠴᠤ ᠦᠷᠬᠦᠯᠵᠢ ᠭᠠᠵᠠᠷ ᠤᠨ ᠵᠢᠭᠤᠷᠠᠭᠠᠨ ᠭᠠᠷᠳᠠᠭ ᠪᠠᠶᠢᠵᠠᠢ᠃ ᠡᠭᠦᠨ ᠤ ᠨᠢᠭᠡ ᠵᠢᠱᠢᠶ᠎ᠡ ᠨᠢ ᠬᠦᠢᠰᠦᠳᠦ ᠶ᠋ᠢᠨ ᠦᠷᠲᠡᠭᠡᠨ ᠤ ᠵᠡᠭᠦᠨ ᠡᠮᠦᠨ᠎ᠡ ᠪᠠᠶᠢᠭ᠎ᠠ ᠪᠤᠯᠤᠡᠭ ᠤᠨ ᠠᠶᠢᠯ ᠭᠡᠳᠡᠭ ᠬᠢᠳᠡᠳ ᠭᠠᠴᠠᠭ᠎ᠠ ᠨᠢ ᠬᠦᠢᠰᠦᠳᠦ ᠶ᠋ᠢᠨ ᠦᠷᠲᠡᠭᠡ ᠲᠠᠢ ᠲᠠᠷᠢᠶᠠᠨ ᠭᠠᠵᠠᠷ ᠤᠨ ᠮᠠᠷᠭᠤᠭᠠᠨ ᠭᠠᠷᠴᠠᠢ᠂ ᠰᠤᠮᠤᠨ ᠡᠴᠡ ᠨᠢ ᠴᠤ ᠭᠡᠷᠡᠴᠢ ᠭᠠᠷᠭᠠᠵᠤ ᠭᠠᠵᠠᠷ ᠤᠨ ᠵᠠᠭᠠᠭ ᠢ ᠨᠢ ᠲᠤᠳᠤᠯᠠᠵᠤ ᠴᠢᠳᠠᠭᠰᠠᠨ ᠦᠭᠡᠢ᠂ ᠭᠡᠳᠡᠯ᠎ᠡ ᠪᠤᠯᠢᠶᠠᠯᠴᠠᠭᠠᠨ ᠲᠠᠢ ᠭᠠᠵᠠᠷ ᠨᠢ ᠬᠦᠢᠰᠦᠳᠦ ᠶ᠋ᠢᠨ ᠦᠷᠲᠡᠭᠡᠨ ᠤ ᠴᠡᠷᠢᠭ ᠠᠩᠬᠢ ᠳ᠋ᠤ ᠵᠢᠭᠡᠯᠡᠭᠦᠯᠵᠦ ᠲᠠᠷᠢᠶ᠎ᠠ ᠲᠠᠷᠢᠭᠤᠯᠵᠤ ᠪᠠᠶᠢᠭᠰᠠᠨ ᠲᠠᠷᠢᠶᠠᠨ ᠭᠠᠵᠠᠷ ᠪᠤᠯᠬᠤᠷ ᠬᠦᠢᠰᠦᠳᠦ ᠶ᠋ᠢᠨ ᠦᠷᠲᠡᠭᠡᠨ ᠤ ᠬᠢᠨᠢ ᠴᠡᠷᠢᠭ ᠠᠩᠭᠢ ᠲᠠᠷᠢᠶ᠎ᠠ ᠲᠠᠷᠢᠬᠤ ᠪᠠᠨ ᠵᠤᠭᠰᠤᠭᠰᠠᠨ ᠤ ᠲᠠᠷᠠᠭ᠎ᠠ ᠬᠤᠰᠢᠭᠤ ᠰᠤᠮᠤᠨ ᠡᠴᠡ ᠨᠢ ᠲᠤᠰ ᠭᠠᠵᠠᠷ ᠢ ᠨᠢ ᠬᠦᠢᠰᠦᠳᠦ ᠶ᠋ᠢᠨ ᠦᠷᠲᠡᠭᠡᠨ ᠳ᠋ᠤ ᠰᠢᠯᠵᠢᠭᠦᠯᠦᠨ ᠦᠭ᠍ᠭᠦᠭ᠍ᠰᠡᠨ ᠭᠡᠷᠡᠴᠢ ᠭᠠᠷᠭᠠᠭᠰᠠᠨ ᠪᠤᠯᠬᠤᠷ ᠵᠠᠷᠭᠤ ᠢᠯᠠᠭᠰᠠᠨ ᠭᠡᠨ᠎ᠡ᠃
      ᠶᠠᠭ ᠡᠶᠢᠮᠦᠷᠬᠦ ᠭᠠᠳᠠᠨᠠᠬᠢ ᠵᠢᠭᠤᠷᠠᠭᠠᠨ ᠢᠶᠡᠨ ᠰᠢᠢᠳᠪᠦᠷᠢᠯᠡᠬᠦ ᠶᠠᠪᠤᠴᠠ ᠳ᠋ᠤ ᠬᠦᠢᠰᠦᠳᠦ ᠶ᠋ᠢᠨ ᠦᠷᠲᠡᠭᠡᠨ ᠤ ᠬᠦᠮᠦᠰ 《 ᠭᠠᠵᠠᠷ ᠰᠢᠷᠤᠢ ᠪᠤᠯ ᠬᠠᠮᠳᠤ ᠶ᠋ᠢᠨ ᠬᠢ᠂ ᠬᠡᠨ ᠴᠤ ᠬᠤᠪᠢᠷᠬᠠᠵᠤ ᠪᠤᠯᠬᠤ ᠦᠭᠡᠢ 》 ᠭᠡᠬᠦ ᠨᠡᠶᠢᠳᠡ ᠪᠡᠷ ᠢᠶᠡᠨ ᠮᠡᠳᠡᠷᠡᠭᠰᠡᠨ ᠵᠠᠷᠴᠢᠮ ᠲᠠᠢ ᠪᠤᠯᠵᠠᠢ᠃
      ᠬᠦᠢᠰᠦᠳᠦ ᠶ᠋ᠢᠨ ᠦᠷᠲᠡᠭᠡ ᠨᠢ ᠲᠠᠷᠢᠶᠠᠨ ᠭᠠᠵᠠᠷ ᠢᠶᠡᠨ ᠬᠦᠮᠦᠨ ᠠᠮᠠ ᠳ᠋ᠠᠭᠠᠨ ᠲᠡᠭᠰᠢᠳᠬᠡᠨ ᠡᠷᠦᠬᠡ ᠳ᠋ᠤ ᠲᠠᠭᠠᠭᠠᠴᠢᠯᠠᠭᠤᠯᠤᠨ ᠦᠭ᠍ᠭᠦᠭ᠍ᠰᠡᠨ ᠢ ᠭᠠᠷᠭᠠᠪᠠᠯ ᠬᠠᠳᠤᠯᠠᠡᠭ ᠪᠡᠯᠴᠢᠭᠡᠷ ᠢᠶᠡᠨ ᠬᠠᠮᠳᠤ ᠪᠡᠷ ᠡᠵᠡᠭᠨᠡᠬᠦ ᠪᠤᠶᠤ ᠬᠡᠷᠡᠭᠯᠡᠵᠦ ᠪᠠᠶᠢᠨ᠎ᠠ᠃ ᠬᠦᠢᠰᠦᠳᠦ ᠶ᠋ᠢᠨ ᠦᠷᠲᠡᠭᠡ ᠨᠢ ᠨᠡᠶᠢᠳᠡ 800 ᠮᠤ ᠲᠠᠷᠢᠶᠠᠨ ᠭᠠᠵᠠᠷ ᠲᠠᠢ᠂ ᠬᠦᠮᠦᠨ ᠪᠦᠷᠢ ᠲᠡᠭᠰᠢᠳᠭᠡᠭᠡᠳ 2.8 ᠮᠤ ᠲᠠᠷᠢᠶᠠᠨ ᠭᠠᠵᠠᠷ ᠲᠠᠢ ᠪᠠᠶᠢᠵᠤ ᠵᠠᠷᠢᠮ ᠬᠦᠮᠦᠰ ᠨᠢ ᠲᠠᠷᠢᠶᠠᠨ ᠭᠠᠵᠠᠷ ᠲᠡᠭᠡᠷ᠎ᠡ ᠪᠠᠨ ᠪᠤᠷᠳᠤᠭ᠎ᠠ ᠪᠤᠶᠤ ᠡᠪᠡᠰᠦ ᠲᠠᠷᠢᠵᠤ᠂ ᠵᠠᠷᠢᠮ ᠨᠢ ᠤᠶᠢᠷ᠎ᠠ ᠬᠠᠪᠢ ᠶ᠋ᠢᠨ ᠭᠠᠴᠠᠭᠠᠨ ᠤ ᠲᠠᠷᠢᠶᠠᠴᠢᠳ ᠲᠤ ᠲᠦᠷᠢᠶᠡᠰᠦᠯᠡᠨ ᠦᠭᠴᠦ ᠪᠠᠶᠢᠨ᠎ᠠ ᠭᠡᠨ᠎ᠡ᠃
      M᠄ 《 ᠭᠠᠵᠠᠷ ᠪᠠᠷᠤᠭ 12 ᠲᠦᠮᠡᠨ ᠮᠤ ᠪᠠᠶᠢᠨ᠎ᠠ᠂ ᠨᠠᠭᠤᠷ ᠬᠤᠶᠠᠷ ᠲᠦᠮᠡᠨ ᠮᠤ ᠪᠠᠶᠢᠨ᠎ᠠ᠂ ᠪᠡᠯᠴᠢᠭᠡᠷ ᠲᠦᠷᠪᠡᠨ ᠲᠦᠮᠡᠨ ᠮᠤ ᠪᠠᠶᠢᠨ᠎ᠠ᠂ ᠪᠤᠰᠤᠳ ᠨᠢ ᠬᠤᠵᠢᠷ ᠲᠠᠢ ᠭᠠᠵᠠᠷ᠃ ᠪᠢᠳᠡ ᠪᠡᠯᠴᠢᠭᠡᠷ ᠢᠶᠡᠨ ᠡᠷᠦᠬᠡ ᠳ᠋ᠤ ᠲᠠᠭᠠᠭᠠᠴᠢᠯᠠᠭᠤᠭᠰᠠᠨ ᠦᠭᠡᠢ᠂ ᠡᠨᠡ ᠭᠠᠵᠠᠷ ᠪᠤᠯ ᠬᠤᠳᠠᠨ ᠤ ᠭᠠᠵᠠᠷ᠂ ᠬᠡᠨ ᠴᠤ ᠲᠤᠷ᠎ᠠ ᠪᠡᠷ ᠢᠶᠡᠨ ᠡᠵᠡᠷᠭᠡᠵᠦ ᠪᠤᠯᠬᠤ ᠦᠭᠡᠢ ③》᠃
      ᠮᠠᠨ ᠤ ᠤᠯᠤᠰ ᠤᠨ ᠬᠦᠳᠡᠭᠡ ᠲᠤᠰᠬᠤᠨ ᠤ ᠭᠠᠵᠠᠷ ᠰᠢᠷᠤᠢ ᠶ᠋ᠢᠨ ᠲᠠᠭᠠᠭᠠᠴᠢᠯᠠᠯᠳᠠ ᠶ᠋ᠢᠨ ᠲᠦᠷᠢᠮ ᠨᠢ1982 ᠤᠨ ᠡᠴᠡ ᠡᠬᠢᠯᠡᠨ ᠬᠡᠷᠡᠭᠵᠢᠭᠦᠯᠦᠭᠳᠡᠵᠦ᠂ 1988 ᠤᠨ ᠳ᠋ᠤ ᠤᠯᠤᠰ ᠡᠴᠡ ᠬᠦᠳᠡᠭᠡ ᠲᠤᠰᠬᠤᠨ ᠤ ᠭᠠᠵᠠᠷ ᠰᠢᠷᠤᠢ ᠶ᠋ᠢᠨ ᠲᠠᠭᠠᠭᠠᠴᠢᠯᠠᠯᠳᠠ ᠶ᠋ᠢᠨ ᠬᠠᠷᠢᠴᠠᠭ᠎ᠠ ᠶ᠋ᠢ ᠲᠡᠭᠦᠯᠳᠡᠷᠵᠢᠭᠦᠯᠵᠦ᠂ ᠨᠢᠭᠡᠳᠦᠭᠡᠷ ᠤᠳᠠᠭᠠᠨ ᠤ ᠲᠠᠭᠠᠭᠠᠴᠢᠯᠠᠯᠳᠠ ᠶ᠋ᠢᠨ ᠬᠤᠭᠤᠴᠠᠭ᠎ᠠ ᠨᠢ ᠠᠷᠪᠠᠨ ᠵᠢᠯ ᠪᠠᠶᠢᠵᠤ᠂ 1998 ᠤᠨ ᠳ᠋ᠤ ᠬᠤᠭᠤᠴᠠᠭ᠎ᠠ ᠨᠢ ᠲᠤᠯᠵᠤ᠂ ᠬᠤᠶᠠᠳᠤᠭᠠᠷ ᠤᠳᠠᠭᠠᠨ ᠤ ᠲᠠᠭᠠᠭᠠᠴᠢᠯᠠᠯᠳᠠ ᠶ᠋ᠢᠨ ᠬᠤᠭᠤᠴᠠᠭ᠎ᠠ ᠨᠢ ᠭᠤᠴᠢᠨ ᠵᠢᠯ ᠪᠠᠶᠢᠵᠤ᠂ 2027 ᠤᠨ ᠳ᠋ᠤ ᠬᠤᠭᠤᠴᠠᠭ᠎ᠠ ᠨᠢ ᠲᠤᠯᠤᠨ᠎ᠠ᠃ ᠲᠠᠷᠢᠶᠠᠯᠠᠡᠭ ᠤᠨ ᠶᠠᠮᠤᠨ ᠡᠴᠡ 2009 ᠤᠨ ᠡᠴᠡ ᠡᠬᠢᠯᠡᠨ ᠬᠦᠳᠡᠭᠡ ᠲᠤᠰᠬᠤᠨ ᠤ ᠭᠠᠵᠠᠷ ᠰᠢᠷᠤᠢ ᠶ᠋ᠢᠨ ᠲᠠᠭᠠᠭᠠᠴᠢᠯᠠᠯᠳᠠ ᠶ᠋ᠢᠨ ᠡᠷᠬᠡ ᠶ᠋ᠢ ᠨᠤᠳ᠋ᠯᠠᠬᠤ ᠲᠦᠷᠢᠮ ᠢ ᠲᠤᠷᠰᠢᠨ ᠬᠡᠷᠡᠭᠵᠢᠭᠦᠯᠵᠦ᠂ 2016 ᠤᠨ ᠳ᠋ᠤ ᠾᠸᠪᠸᠢ᠂ ᠦᠪᠦᠷ ᠮᠤᠡᠭᠭᠤᠯ᠂ ᠱᠠᠨᠰᠢ᠂ ᠱᠠᠨ ᠰᠢ᠂ ᠯᠢᠶᠤᠤᠨᠢᠡᠭ᠂ ᠬᠠᠷᠠᠮᠦ᠋ᠷᠡᠨ᠂ ᠵᠸᠵᠢᠶᠠᠡᠭ᠂ ᠭᠤᠸᠠᠡᠭᠳᠦ᠋ᠡᠭ᠂ ᠬᠠᠶᠢᠨᠠᠨ᠂ ᠶᠦᠨᠨᠠᠨ ᠵᠡᠷᠭᠡ ᠠᠷᠪᠠᠨ ᠮᠤᠵᠢ᠂ ᠦᠪᠡᠷᠲᠡᠭᠡᠨ ᠵᠠᠰᠠᠬᠤ ᠤᠷᠤᠨ ᠳ᠋ᠤ ᠬᠦᠳᠡᠭᠡ ᠲᠤᠰᠬᠤᠨ ᠤ ᠭᠠᠵᠠᠷ ᠰᠢᠷᠤᠢ ᠶ᠋ᠢᠨ ᠲᠠᠭᠠᠭᠠᠴᠢᠯᠠᠯᠳᠠ ᠶ᠋ᠢᠨ ᠡᠷᠬᠡ ᠶ᠋ᠢ ᠨᠤᠳ᠋ᠯᠠᠬᠤ ᠲᠦᠷᠢᠮ ᠢ ᠲᠤᠷᠰᠢᠨ ᠬᠡᠷᠡᠭᠵᠢᠭᠦᠯᠵᠡᠢ᠃ 《 ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠬᠦᠳᠡᠭᠡ ᠲᠤᠰᠬᠤᠨ ᠤ ᠭᠠᠵᠠᠷ ᠰᠢᠷᠤᠢ ᠶ᠋ᠢᠨ ᠲᠠᠭᠠᠭᠠᠴᠢᠯᠠᠯᠳᠠ ᠶ᠋ᠢᠨ ᠬᠠᠤᠯᠢ 》 ᠨᠢ 2003 ᠤᠨ ᠤ 3 ᠰᠠᠷ᠎ᠠ ᠶ᠋ᠢᠨ1 ᠤ ᠡᠳᠦᠷ ᠡᠴᠡ ᠡᠬᠢᠯᠡᠨ ᠬᠡᠷᠡᠭᠵᠢᠭᠦᠯᠦᠭᠳᠡᠵᠦ᠂ ᠲᠤᠰ ᠬᠠᠤᠯᠢ ᠶ᠋ᠢᠨ ᠭᠤᠷᠪᠠᠳᠤᠭᠠᠷ ᠵᠦᠢᠯ ᠳ᠋ᠤ 《ᠤᠯᠤᠰ ᠡᠴᠡ ᠬᠦᠳᠡᠭᠡ ᠲᠤᠰᠬᠤᠨ ᠤ ᠭᠠᠵᠠᠷ ᠰᠢᠷᠤᠢ ᠶ᠋ᠢᠨ ᠲᠠᠭᠠᠭᠠᠴᠢᠯᠠᠭᠤᠯᠤᠨ ᠡᠵᠡᠡᠭᠨᠡᠬᠦᠯᠬᠦ ᠲᠦᠷᠢᠮ  ᠢ ᠭᠡᠷᠡᠭᠵᠢᠭᠦᠯᠦᠨ᠎ᠡ》 ᠭᠡᠵᠦ ᠲᠤᠭᠳᠠᠭᠠᠵᠠᠢ᠃ ᠡᠨᠡᠬᠦ ᠲᠦᠷᠢᠮ ᠨᠢ ᠪᠦᠬᠦ ᠤᠯᠤᠰ ᠤᠨ ᠬᠡᠪᠴᠢᠶᠡᠨ ᠳ᠋ᠤ ᠢᠳᠡᠪᠬᠢᠳᠡᠢ ᠲᠤᠤᠱᠯᠠᠭᠤᠯᠤᠭᠳᠠᠵᠤ᠂ ᠪᠠᠷᠤᠭ ᠪᠦᠭᠦ ᠭᠠᠴᠠᠭ᠎ᠠ ᠲᠤᠰᠬᠤᠨ᠂ ᠬᠠᠮᠳᠤ ᠨᠢᠭᠡᠴᠡ ᠭᠠᠵᠠᠷ ᠰᠢᠷᠤᠢ ᠪᠠᠨ ᠡᠷᠦᠬᠡ ᠳ᠋ᠤ ᠲᠠᠭᠠᠭᠠᠴᠢᠯᠠᠭᠤᠯᠤᠨ ᠬᠡᠷᠡᠭᠯᠡᠭᠦᠯᠵᠡᠢ᠃ 1998 ᠤᠨ  ‍ᠤ 11 ᠰᠠᠷ᠎ᠠ ᠶ᠋ᠢᠨ 4  ᠤ ᠡᠳᠦᠷ ᠡᠴᠡ ᠡᠬᠢᠯᠡᠨ ᠬᠡᠷᠡᠭᠵᠢᠭᠦᠯᠦᠭᠳᠡᠭᠰᠡᠨ 《ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠭᠠᠴᠠᠭᠠᠨ ᠤ ᠠᠷᠠᠳ ᠤᠨ ᠵᠦᠪᠯᠡᠯ ᠤᠨ ᠵᠤᠬᠢᠶᠠᠨ ᠪᠠᠶᠢᠭᠤᠯᠬᠤ ᠬᠠᠤᠯᠢ》ᠶ᠋ᠢᠨ ᠲᠠᠪᠤᠳᠤᠭᠠᠷ ᠵᠦᠢᠯ ᠤᠨ ᠬᠤᠶᠠᠳᠤᠭᠠᠷ ᠵᠤᠷᠪᠤᠰ ᠲᠤ 《 ᠭᠠᠴᠠᠭᠠᠨ ᠤ ᠠᠷᠠᠳ ᠤᠨ ᠵᠦᠪᠯᠡᠯ ᠬᠠᠮᠳᠤ ᠶ᠋ᠢᠨ ᠠᠵᠤ ᠠᠬᠤᠢ ᠶ᠋ᠢᠨ ᠵᠤᠬᠢᠶᠠᠨ ᠪᠠᠶᠢᠭᠤᠯᠤᠯᠳᠠ ᠶ᠋ᠢᠨ ᠬᠠᠤᠯᠢ ᠶᠤᠰᠤᠭᠠᠷ ᠪᠡᠶ᠎ᠡ ᠪᠠᠨ ᠲᠠᠭᠠᠭᠠᠵᠤ ᠠᠵᠤ ᠠᠬᠤᠢ ᠶ᠋ᠢᠨ ᠠᠵᠢᠯᠯᠠᠭ᠎ᠠ ᠬᠢᠬᠦ ᠡᠵᠡᠨ ᠮᠡᠳᠡᠬᠦ ᠡᠷᠬᠡ ᠶ᠋ᠢ ᠬᠦᠨᠳᠦᠳᠬᠡᠵᠦ᠂ ᠡᠷᠦᠬᠡ ᠳ᠋ᠤ ᠲᠠᠭᠠᠭᠠᠴᠢᠯᠠᠭᠤᠯᠤᠨ ᠡᠵᠡᠡᠭᠨᠡᠬᠦᠯᠬᠦ ᠪᠡᠷ ᠰᠠᠭᠤᠷᠢ ᠪᠤᠯᠭᠠᠭᠰᠠᠨ᠂ ᠨᠢᠭᠡᠳᠦᠯᠳᠡᠢ ᠡᠵᠡᠡᠭᠨᠡᠬᠦ ᠪᠠ ᠲᠠᠷᠬᠠᠢ ᠡᠵᠡᠭᠨᠡᠬᠦ ᠶ᠋ᠢ ᠤᠶᠠᠯᠳᠠᠭᠤᠯᠤᠭᠰᠠᠨ ᠲᠠᠪᠬᠤᠷ ᠡᠵᠡᠭᠨᠡᠯᠳᠡ ᠶ᠋ᠢᠨ ᠪᠠᠶᠢᠭᠤᠯᠤᠯ ᠢ ᠬᠠᠮᠠᠭᠠᠯᠠᠵᠤ᠂ ᠬᠠᠮᠳᠤ ᠶ᠋ᠢᠨ ᠠᠵᠤ ᠠᠬᠤᠢ ᠶ᠋ᠢᠨ ᠵᠤᠬᠢᠶᠠᠨ ᠪᠠᠶᠢᠭᠤᠯᠤᠯᠳᠠ ᠪᠠ ᠭᠠᠴᠠᠭᠠᠨ ᠤ ᠠᠷᠠᠳ᠂ ᠲᠠᠭᠠᠭᠠᠴᠢᠯᠠᠨ ᠡᠵᠡᠭᠨᠡᠭᠰᠡᠨ ᠡᠷᠦᠬᠡ᠂ ᠬᠤᠯᠪᠤᠭᠠᠯᠠᠭᠰᠠᠨ ᠡᠷᠦᠬᠡ ᠪᠤᠶᠤ ᠬᠤᠷᠰᠢᠶᠠᠴᠢᠳ ᠤᠨ ᠬᠠᠤᠯᠢ ᠶᠤᠰᠤᠨ ᠤ ᠡᠳ᠋ ᠬᠦᠷᠦᠩᠭᠡ ᠶ᠋ᠢᠨ ᠡᠷᠬᠡ ᠪᠤᠯᠤᠨ ᠬᠠᠤᠯᠢ ᠶᠤᠰᠤᠨ ᠤ ᠪᠤᠰᠤᠳ ᠡᠷᠬᠡ ᠪᠠ ᠠᠰᠢᠭ ᠢ ᠪᠠᠳᠤᠯᠠᠬᠤ ᠬᠡᠷᠡᠭᠲᠡᠢ》ᠭᠡᠵᠦ ᠲᠤᠭᠳᠠᠭᠠᠵᠠᠢ᠃ ᠡᠨᠡᠬᠦ ᠲᠤᠭᠳᠠᠭᠠᠯ ᠡᠴᠡ ᠦᠵᠡᠬᠦ ᠳ᠋ᠤ ᠬᠦᠢᠰᠦᠳᠦ ᠶ᠋ᠢᠨ ᠦᠷᠲᠡᠭᠡᠨ ᠤ ᠨᠤᠲᠤᠭ ᠪᠡᠯᠴᠢᠭᠡᠷ ᠢᠶᠡᠨ ᠡᠷᠦᠬᠡ ᠳ᠋ᠤ ᠲᠠᠭᠠᠭᠠᠴᠢᠯᠠᠭᠤᠯᠤᠨ ᠡᠵᠡᠩᠨᠡᠬᠦ ᠦᠭᠡᠢ ᠪᠠᠶᠢᠬᠤ ᠨᠢ ᠬᠠᠤᠯᠢ ᠶ᠋ᠢᠨ ᠦᠨᠳᠦᠰᠦ ᠲᠠᠢ ᠪᠤᠯᠪᠠᠴᠤ ᠡᠨᠳᠡ ᠬᠡᠯᠡᠵᠦ ᠪᠠᠶᠢᠭ᠎ᠠ ᠨᠢᠭᠡᠳᠦᠯᠳᠡᠢ ᠡᠵᠡᠭᠨᠡᠬᠦ ᠭᠡᠳᠡᠭ ᠨᠢ ᠬᠠᠮᠳᠤ ᠶ᠋ᠢᠨ ᠠᠵᠤ ᠠᠬᠤᠢ ᠶ᠋ᠢᠨ ᠵᠤᠬᠢᠶᠠᠨ ᠪᠠᠶᠢᠭᠤᠯᠤᠯᠳᠠ ᠳ᠋ᠤ ᠵᠤᠷᠢᠭᠤᠯᠵᠤ ᠪᠠᠶᠢᠬᠤ ᠨᠢ ᠲᠤᠳᠤᠷᠬᠠᠢ᠃ ᠲᠡᠷᠡ ᠮᠦᠷᠲᠡᠭᠡᠨ ᠮᠠᠨ ᠤ ᠤᠯᠤᠰ ᠤᠨ ᠢᠷᠭᠡᠨ ᠤ ᠬᠠᠤᠯᠢ ᠶ᠋ᠢᠨ 《 ᠰᠢᠨ᠎ᠡ ᠬᠠᠤᠯᠢ  ᠶ᠋ᠢᠨ ᠬᠦᠴᠦᠨ ᠨᠢ ᠬᠠᠭᠤᠴᠢᠨ ᠬᠠᠤᠯᠢ ᠡᠴᠡ ᠲᠠᠪᠠᠭᠤᠯᠢᠭ ᠪᠠᠶᠢᠬᠤ》 ᠵᠠᠷᠴᠢᠮ  ᠢᠶᠠᠷ ᠨᠤᠲᠤᠭ ᠪᠡᠯᠴᠢᠭᠡᠷ ᠤᠨ ᠡᠵᠡᠭᠨᠡᠯᠳᠡ ᠳ᠋ᠤ ᠬᠦᠳᠡᠭᠡ ᠲᠤᠰᠬᠤᠨ ᠤ ᠭᠠᠵᠠᠷ ᠰᠢᠷᠤᠢ ᠶ᠋ᠢᠨ ᠲᠠᠭᠠᠭᠠᠴᠢᠯᠠᠯᠳᠠ ᠶ᠋ᠢᠨ ᠬᠠᠤᠯᠢ  ᠶ᠋ᠢ ᠵᠢᠷᠤᠮᠯᠡᠪᠡᠯ ᠵᠤᠬᠢᠰᠳᠠᠢ᠃ ᠤᠳᠤᠬᠢ ᠮᠠᠨ ᠤ ᠤᠯᠤᠰ ᠤᠨ ᠬᠠᠮᠢᠶ᠎ᠠ ᠪᠦᠭᠦᠢ ᠬᠠᠤᠯᠢ ᠲᠦᠷᠢᠮ  ᠡᠴᠡ ᠦᠵᠡᠪᠡᠯ ᠬᠦᠢᠰᠦᠳᠦ ᠶ᠋ᠢᠨ ᠦᠷᠲᠡᠭᠡᠨ ᠤ ᠨᠤᠲᠤᠭ ᠪᠡᠯᠴᠢᠭᠡᠷ ᠤᠨ ᠡᠵᠡᠭᠨᠡᠯᠳᠡ ᠶ᠋ᠢᠨ ᠲᠦᠷᠢᠮ ᠨᠢ ᠬᠠᠤᠯᠢ ᠡᠴᠡ ᠵᠦᠷᠢᠴᠡᠵᠦ ᠪᠠᠶᠢᠨ᠎ᠠ᠃ ᠮᠠᠨ ᠤ ᠤᠯᠤᠰ ᠤᠨ ᠬᠦᠳᠡᠭᠡ ᠲᠤᠰᠬᠤᠨ ᠤ ᠭᠠᠵᠠᠷ ᠰᠢᠷᠤᠢ ᠶ᠋ᠢᠨ ᠲᠠᠭᠠᠭᠠᠴᠢᠯᠠᠯᠳᠠ ᠶ᠋ᠢᠨ ᠬᠠᠤᠯᠢ ᠨᠢ ᠪᠦᠬᠦ ᠤᠯᠤᠰ ᠤᠨ ᠮᠠᠯᠵᠢᠬᠤ ᠲᠠᠷᠢᠶᠠᠯᠠᠬᠤ ᠤᠷᠤᠨ ᠳ᠋ᠤ ᠵᠤᠷᠢᠭᠤᠯᠤᠨ ᠪᠦᠬᠦ ᠤᠯᠤᠰ ᠤᠨ ᠬᠡᠪᠴᠢᠶᠡᠨ ᠳ᠋ᠤ ᠬᠡᠷᠡᠭᠵᠢᠭᠦᠯᠦᠭᠳᠡᠬᠦ ᠬᠠᠤᠯᠢ ᠪᠤᠯᠤᠭᠰᠠᠨ ᠤ ᠬᠤᠪᠢ ᠳ᠋ᠤ ᠮᠠᠯ ᠮᠠᠯᠵᠢᠬᠤ ᠪᠡᠷ ᠭᠤᠤᠯᠯᠠᠭᠰᠠᠨ᠂ ᠠᠵᠤ ᠠᠬᠤᠢ ᠰᠤᠶᠤᠯ ᠤᠨ ᠬᠤᠪᠢ ᠳ᠋ᠤ ᠬᠢᠳᠡᠳ ᠦᠨᠳᠦᠰᠦᠳᠡᠨ ᠲᠠᠢ ᠢᠯᠭᠠᠭ᠎ᠠ ᠲᠠᠢ ᠴᠦᠬᠡᠨ ᠲᠤᠭᠠᠳᠤ ᠦᠨᠳᠦᠰᠦᠳᠡᠨ ᠤ ᠤᠷᠤᠨ ᠳ᠋ᠤ ᠬᠢᠷᠢ ᠵᠡᠷᠭᠡ ᠵᠤᠬᠢᠴᠠᠨ᠎ᠠ ᠭᠡᠳᠡᠭ ᠢ ᠬᠠᠷᠢᠭᠤᠯᠬᠤ ᠳ᠋ᠤ ᠬᠦᠴᠢᠷᠲᠡᠢ᠃
      ᠬᠦᠢᠰᠦᠳᠦ ᠶ᠋ᠢᠨ ᠦᠷᠲᠡᠭᠡᠨ ᠤ ᠬᠦᠮᠦᠰ ᠤᠨ ᠪᠤᠳᠤᠯ ᠳ᠋ᠤ ᠭᠠᠵᠠᠷ ᠰᠢᠷᠤᠢ ᠨᠢ ᠦᠷᠲᠡᠭᠡᠨ ᠤ ᠬᠢ᠂ ᠬᠤᠪᠢ ᠬᠦᠮᠦᠨ ᠤ ᠬᠢ ᠪᠢᠰᠢ ᠭᠡᠳᠡᠭ ᠪᠤᠳᠤᠯ ᠬᠦᠨ ᠬᠠᠳᠠᠡᠭᠰᠢᠬᠰᠠᠨ ᠪᠠᠶᠢᠳᠠᠭ ᠨᠢ ᠬᠦᠮᠦᠰ ᠤᠨ ᠬᠢᠨᠢ ᠦᠭᠡ ᠶᠠᠷᠢᠶ᠎ᠠ ᠡᠴᠡ ᠲᠤᠳᠤ ᠮᠡᠳᠡᠭᠳᠡᠨ᠎ᠡ᠃ ᠪᠠᠶᠢᠴᠠᠭᠠᠯᠳᠠ ᠬᠢᠬᠦ ᠲᠤᠮᠳᠠ ᠪᠢ ᠪᠡᠷ ᠵᠠᠯᠠᠭᠤᠴᠤᠳ᠂ ᠤᠨᠴᠠᠭᠠᠶᠢᠯᠠᠨ ᠭᠠᠳᠠᠭᠰᠢ ᠭᠠᠷᠴᠤ ᠠᠮᠢᠳᠤᠷᠠᠵᠤ ᠪᠠᠶᠢᠭ᠎ᠠ ᠵᠠᠯᠠᠭᠤᠴᠤᠳ ᠡᠴᠡ ᠨᠢ ᠲᠠᠨᠤᠰ ᠶᠠᠭᠤᠨ ᠳ᠋ᠤ ᠦᠪᠦᠷ ᠮᠤᠡᠭᠭᠤᠯᠴᠤᠳ ᠰᠢᠭ ᠭᠠᠵᠠᠷ ᠢᠶᠡᠨ ᠬᠤᠪᠢᠶᠠᠭᠠᠳ ᠪᠤᠰᠤᠳ ᠲᠤ ᠲᠠᠭᠠᠭᠠᠴᠢᠯᠠᠭᠤᠯᠤᠨ ᠠᠮᠠᠷᠬᠠᠨ ᠵᠤᠭᠤᠰ ᠤᠯᠵᠤ ᠠᠮᠢᠳᠤᠷᠠᠬᠤ ᠦᠭᠡᠢ ᠪᠤᠢ᠂ ᠭᠠᠵᠠᠷ ᠢᠶᠡᠨ ᠬᠤᠪᠢᠶᠠᠵᠤ ᠠᠪᠤᠶ᠎ᠠ ᠭᠡᠵᠦ ᠰᠠᠨᠠᠬᠤ ᠦᠭᠡᠢ ᠤᠣ ᠭᠡᠬᠦ ᠮᠡᠳᠦ ᠪᠡᠷ ᠠᠰᠠᠭᠤᠬᠤ ᠳ᠋ᠤ ᠪᠦᠷ ᠯᠡ ᠭᠠᠵᠠᠷ ᠨᠢ ᠦᠷᠲᠡᠭᠡᠨ ᠤ ᠭᠠᠵᠠᠷ᠂ ᠬᠡᠨ ᠴᠤ ᠬᠤᠪᠢᠷᠬᠠᠵᠤ ᠪᠤᠯᠬᠤ ᠦᠭᠡᠢ᠂ ᠭᠠᠵᠠᠷ ᠢᠶᠡᠨ ᠬᠤᠪᠢᠶᠠᠭᠠᠳ ᠬᠤᠳᠠᠯᠳᠤᠭᠰᠠᠭᠠᠷ ᠭᠠᠵᠠᠷ ᠢᠶᠡᠨ ᠠᠯᠳᠠᠴᠢᠬᠠᠨ᠎ᠠ ᠭᠡᠬᠦ ᠮᠡᠳᠦ ᠭᠠᠵᠠᠷ ᠬᠤᠪᠢᠶᠠᠬᠤ ᠬᠠᠨᠳᠤᠯᠭ᠎ᠠ ᠦᠭᠡᠢ ᠬᠠᠷᠢᠭᠤᠯᠳᠠ ᠨᠣᠭᠣᠳ ᠤᠯᠵᠤ ᠰᠤᠨᠤᠰᠪᠠ᠃ ᠬᠠᠷᠢᠭᠤ ᠳ᠋ᠤᠨᠢ ᠪᠢ ᠲᠠᠨᠤᠰ ᠤᠳᠤ ᠶᠡᠬᠡ ᠤᠯᠠᠨ ᠭᠠᠵᠠᠷ ᠢᠶᠡᠨ ᠨᠠᠷᠠᠨ  ‍ᠤ ᠡᠨ᠋ᠸᠷᠬᠢ ᠶ᠋ᠢᠨ ᠴᠠᠬᠢᠯᠭᠠᠨ ᠭᠠᠷᠭᠠᠬᠤ ᠺᠤᠮᠫᠠᠨᠢ ᠳ᠋ᠤ ᠬᠤᠳᠠᠯᠳᠤᠴᠢᠬᠠᠭᠰᠠᠨ ᠪᠢᠰᠢ ᠤᠣ ᠭᠡᠵᠦ ᠠᠰᠠᠭᠤᠬᠤ ᠳ᠋ᠤ᠄ 《ᠬᠤᠳᠠᠯᠳᠤᠭᠰᠠᠨ ᠦᠭᠡᠢ᠂ ᠲᠦᠷᠢᠶᠡᠰᠦᠯᠡᠨ ᠦᠭ᠍ᠭᠦᠭ᠍ᠰᠡᠨ᠂ ᠬᠤᠭᠤᠴᠠᠭ᠎ᠠ ᠨᠢ ᠲᠤᠯᠪᠠᠯ ᠡᠷᠭᠢᠭᠦᠯᠦᠭᠡᠳ ᠠᠪᠴᠢᠷᠠᠨ᠎ᠠ ④ 》 ᠭᠡᠵᠦ ᠲᠦᠷᠢᠶᠡᠰᠦᠯᠡᠬᠦ ᠪᠤᠯᠤᠨ ᠬᠤᠳᠠᠯᠳᠤᠬᠤ ᠬᠤᠶᠠᠷ ᠦᠭᠡ ᠶ᠋ᠢ ᠶᠡᠬᠡ ᠢᠯᠭᠠᠭ᠎ᠠ ᠲᠠᠢ ᠬᠡᠷᠡᠭᠯᠡᠵᠦ ᠪᠠᠶᠢᠪᠠ᠃
      ᠬᠦᠢᠰᠦᠳᠦ ᠶ᠋ᠢᠨ ᠦᠷᠲᠡᠭᠡᠨ ᠤ ᠤᠤᠯ ᠤᠨ ᠭᠠᠴᠠᠭᠠᠨ ᠲᠠᠷᠤᠭ᠎ᠠ Q ᠶ᠋ᠢᠨ ᠬᠡᠯᠡᠬᠦ ᠪᠡᠷ ᠲᠡᠭᠦᠨ ᠢ ᠭᠠᠴᠠᠭᠠᠨ ᠲᠠᠷᠤᠭ᠎ᠠ ᠪᠠᠶᠢᠬᠤ ᠳ᠋ᠤ ᠰᠤᠮᠤᠨ  ᠲᠠᠷᠤᠭ᠎ᠠ ᠨᠢ ᠲᠡᠭᠦᠨ ᠳ᠋ᠤ ᠲᠠᠨ ᠤ ᠮᠤᠡᠭᠭᠤᠯ ᠬᠤᠳᠠ ᠬᠦᠮᠦᠨ ᠴᠢᠨᠢ ᠴᠦᠬᠡᠨ᠂ ᠲᠡᠶᠢᠮᠦ ᠠᠷᠪᠢᠨ ᠭᠠᠵᠠᠷ ᠢᠶᠠᠷ ᠶᠠᠭᠤ ᠬᠢᠬᠦ ᠪᠤᠢ᠂ ᠭᠠᠵᠠᠷ ᠤᠨ ᠵᠠᠭᠠᠭ ᠲᠠᠳᠠᠬᠤ ᠳ᠋ᠤ ᠬᠦᠴᠢᠷᠳᠡᠢ ᠪᠠᠶᠢᠨ᠎ᠠ᠂ ᠭᠠᠵᠠᠷ ᠤᠨ ᠵᠠᠭᠠᠭ ᠢ ᠴᠢᠨᠢ ᠰᠢᠯᠤᠭᠤᠨ ᠱᠤᠭᠤᠮ ᠢᠶᠠᠷ ᠠᠰᠬᠠᠨ ᠲᠠᠲᠠᠴᠢᠬᠠᠶ᠎ᠠ᠂ ᠲᠡᠷᠡ ᠪᠠᠭ᠎ᠠ ᠰᠠᠭ᠎ᠠ ᠭᠠᠵᠠᠷ ᠢᠶᠡᠨ ᠪᠤᠰᠤᠳ ᠭᠠᠴᠠᠭᠠᠨ ᠳ᠋ᠤ ᠦᠭᠴᠢᠭᠡ ᠭᠡᠰᠡᠨ ᠳ᠋ᠤ ᠲᠡᠷᠡ ᠵᠦᠪᠰᠢᠶᠡᠷᠡᠭᠰᠡᠨ ᠦᠭᠡᠢ᠂ ᠰᠤᠮᠤᠨ ᠲᠠᠷᠤᠭ᠎ᠠ ᠳ᠋ᠠᠭᠠᠨ᠄ 《 ᠴᠢ ᠡᠨᠳᠡ ᠬᠡᠳᠦᠨ ᠵᠢᠯ ᠲᠠᠷᠤᠭ᠎ᠠ ᠰᠠᠭᠤᠭᠠᠳ ᠪᠤᠰᠤᠳ ᠭᠠᠵᠠᠷ ᠵᠡᠷᠭᠡ ᠲᠡᠪᠰᠢᠭᠡᠳ ᠶᠠᠪᠤᠴᠢᠬᠠᠨ᠎ᠠ᠂ ᠭᠡᠳᠡᠯ᠎ᠡ ᠪᠢ ᠬᠤᠳᠠᠨ ᠳ᠋ᠠᠭᠠᠨ ᠨᠠᠰᠤ ᠪᠡᠷ ᠢᠶᠡᠨ ᠠᠮᠢᠳᠤᠷᠠᠨ᠎ᠠ᠂ ᠬᠤᠵᠢᠮ ᠦᠷ᠎ᠡ ᠬᠡᠤᠬᠡᠳ ᠤᠳ ᠨᠠᠮ᠎ᠠ ᠶ᠋ᠢ ᠭᠠᠵᠠᠷ ᠢᠶᠡᠨ ᠬᠦᠮᠦᠨ ᠳ᠋ᠤ ᠦᠭ᠍ᠭᠦᠭ᠍ᠰᠡᠨ ᠭᠡᠵᠦ ᠬᠠᠷᠢᠶᠠᠬᠤ ᠦᠭᠡᠢ ᠤᠣ ⑤》 ᠭᠡᠵᠦ ᠬᠡᠯᠡᠭᠰᠡᠨ ᠭᠡᠵᠦ ᠪᠠᠶᠢᠯ᠎ᠠ᠃ Q ᠨᠠᠰᠤᠳᠠᠨ ᠳ᠋ᠤ ᠬᠠᠭᠤᠴᠢᠨ ᠰᠢᠷ᠎ᠠ ᠴᠠᠭᠠᠰᠤᠨ ᠲᠡᠭᠡᠷ᠎ᠡ ᠮᠤᠡᠭᠭᠤᠯ ᠢᠶᠠᠷ ᠪᠢᠴᠢᠭᠰᠡᠨ ᠬᠦᠢᠰᠦᠳᠦ ᠶ᠋ᠢᠨ ᠦᠷᠲᠡᠭᠡᠨ ᠤ ᠭᠠᠵᠠᠷ ᠤᠨ ᠵᠢᠷᠤᠭ ᠪᠠᠶᠢᠬᠤ ᠪᠤᠯᠪᠠᠴᠤ ᠲᠡᠷᠡ ᠦᠪᠡᠷᠲᠡᠭᠡᠨ ᠮᠤᠡᠭᠭᠤᠯ ᠪᠢᠴᠢᠭ᠌ ᠮᠡᠳᠡᠭᠦ ᠦᠭᠡᠢ᠂ ᠬᠢᠳᠡᠳ ᠬᠦᠮᠦᠰ ᠴᠤ ᠡᠨᠡ ᠪᠢᠴᠢᠭ᠌ ᠢ ᠢᠳᠡᠭᠡᠬᠦ ᠦᠭᠡᠢ ᠭᠡᠵᠦ ᠪᠠᠶᠢᠪᠠ᠃
      ᠬᠦᠢᠰᠦᠳᠦ ᠶ᠋ᠢᠨ ᠦᠷᠲᠡᠭᠡᠨ ᠤ ᠬᠦᠮᠦᠰ ᠤᠨ ᠲᠤᠷᠠᠰᠬᠤ ᠲᠤᠷᠠᠳᠠᠢ ᠨᠢᠭᠡ ᠬᠦᠮᠦᠨ ᠨᠢ ᠤᠳᠤ ᠰᠢᠯᠤᠭᠤᠨ ᠬᠦᠬᠡ ᠬᠤᠰᠢᠭᠤᠨ ᠳ᠋ᠤ ᠨᠡᠭᠦᠵᠦ ᠶᠠᠪᠤᠭᠰᠠᠨ ᠷᠤᠯᠭᠠᠷ ᠭᠡᠳᠡᠭ ᠬᠠᠭᠤᠴᠢᠨ ᠭᠠᠴᠠᠭᠠᠨ ᠲᠠᠷᠤᠭ᠎ᠠ ᠨᠢ ᠪᠠᠶᠢᠯ᠎ᠠ᠃ ᠲᠤᠰ ᠨᠠᠰᠤᠳᠠᠨ ᠢ ᠪᠢ ᠰᠤᠷᠪᠤᠯᠵᠢᠯᠠᠬᠤ ᠰᠠᠨᠠᠭᠠᠳᠠᠢ 2015 ᠤᠨ ᠤ ᠡᠪᠦᠯ ᠬᠦᠤ ᠲᠠᠢ ᠨᠢ ᠬᠠᠷᠢᠯᠴᠠᠬᠤ ᠳ᠋ᠤ ᠨᠠᠰᠤᠳᠠᠨ  ‍ᠤ ᠪᠡᠶ᠎ᠡ ᠨᠢ ᠮᠠᠭᠤᠳᠠᠵᠤ ᠡᠮᠨᠡᠯᠭᠡ ᠳ᠋ᠤ ᠤᠷᠤᠭᠰᠠᠨ ᠡᠴᠠ ᠬᠦᠤ ᠨᠢ ᠨᠠᠳᠠ ᠳ᠋ᠤ᠄ 《ᠮᠠᠨ ᠤ ᠠᠪᠤ ᠨᠠᠶᠠ ᠭᠠᠷᠤᠭᠰᠠᠨ ᠬᠦᠮᠦᠨ᠂ ᠪᠡᠶ᠎ᠡ ᠨᠢ ᠬᠦᠨᠳᠤ ᠪᠠᠶᠢᠨ᠎ᠠ᠂ ᠪᠠᠷᠤᠭ ᠲᠠᠨ ᠲᠠᠢ ᠶᠠᠷᠢᠯᠴᠠᠵᠤ ᠲᠡᠶᠢᠯᠬᠦ ᠦᠭᠡᠢ》 ᠭᠡᠰᠡᠨ ᠪᠤᠯᠬᠤᠷ ᠪᠢ ᠤᠴᠢᠵᠤ ᠴᠢᠳᠠᠭᠰᠠᠨ ᠦᠭᠡᠢ᠃ ᠷᠤᠯᠭᠠᠷ ᠨᠠᠰᠤᠳᠠᠨ ᠭᠠᠴᠠᠭᠠᠨ ᠲᠠᠷᠤᠭ᠎ᠠ ᠪᠠᠶᠢᠬᠤ ᠳ᠋ᠠᠭᠠᠨ ᠬᠤᠳᠠᠨ ᠤ ᠪᠠᠨ ᠭᠠᠵᠠᠷ ᠢᠶᠡᠨ ᠤᠶᠢᠷ᠎ᠠ ᠬᠠᠪᠢ ᠶ᠋ᠢᠨ ᠬᠦᠮᠦᠰ ᠲᠤ ᠡᠵᠡᠯᠡᠭᠦᠯᠳᠡᠭ ᠦᠭᠡᠢ ᠪᠤᠯᠬᠤᠷ ᠬᠢᠳᠡᠳ ᠭᠠᠴᠠᠭᠠᠨ ᠤ ᠬᠦᠮᠦᠰ ᠨᠢᠭᠡ ᠡᠪᠤᠯ ᠲᠡᠭᠦᠨ ᠤ ᠪᠦᠰᠡᠭᠦᠢ ᠨᠢ ᠰᠠᠷ᠎ᠠ ᠳ᠋ᠤ ᠰᠠᠭᠤᠵᠤ ᠪᠠᠶᠢᠬᠤ ᠦᠶᠡᠰ ᠢᠷᠡᠵᠤ ᠭᠡᠷ ᠢ ᠨᠢ ᠨᠤᠷᠠᠭᠠᠬᠤ ᠭᠡᠰᠡᠨ ‍ᠳᠤ ᠬᠦᠢᠰᠦᠳᠦ ᠶ᠋ᠢᠨ ᠦᠷᠲᠡᠭᠡᠨ ᠤ ᠪᠦᠬᠦ ᠬᠦᠮᠦᠰ ᠬᠦᠳᠡᠯᠦᠯᠴᠡᠵᠦ᠂ ᠲᠡᠳᠡᠨᠤᠰ ᠢ ᠬᠦᠭᠡᠭᠡᠵᠦ ᠶᠠᠪᠤᠭᠤᠯᠤᠭᠰᠠᠨ ᠭᠡᠨ᠎ᠡ᠃
      ᠬᠦᠢᠰᠦᠳᠦ ᠶ᠋ᠢᠨ ᠦᠷᠲᠡᠭᠡᠨ ᠤ ᠬᠦᠮᠦᠰ ᠤᠨ ᠭᠠᠵᠠᠷ ᠰᠢᠷᠤᠢ ᠪᠠᠨ ᠬᠠᠮᠠᠭᠠᠯᠠᠵᠤ ᠴᠢᠳᠠᠭᠰᠠᠨ ᠲᠤᠬᠠᠢ ᠶᠠᠷᠢᠶ᠎ᠠ ᠨᠢ ᠨᠢᠭᠡ ᠲᠠᠯ᠎ᠠ ᠪᠡᠷ ᠬᠤᠶᠢᠴᠢ ᠦᠶ᠎ᠡ ᠳ᠋ᠡᠭᠡᠨ ᠦᠪᠡᠷᠰᠡᠳ ᠤᠨ ᠬᠢᠨᠢ ᠠᠪᠤ ᠲᠡᠭᠡᠳᠦᠰ ᠨᠢ ᠭᠠᠵᠠᠷ ᠤᠰᠤᠨ ᠤ ᠪᠠᠨ ᠲᠦᠯᠦᠭᠡ ᠬᠡᠷᠬᠢᠨ ᠲᠡᠮᠡᠴᠡᠵᠦ ᠢᠷᠡᠭᠰᠡᠨ ᠲᠤᠬᠠᠢ ᠪᠠᠨ ᠮᠡᠳᠡᠭᠦᠯᠵᠦ᠂ ᠮᠦᠨ ᠴᠤ ᠬᠦᠢᠰᠦᠳᠦ ᠶ᠋ᠢᠨ ᠦᠷᠲᠡᠭᠡᠨ ᠤ ᠭᠠᠵᠠᠷ ᠰᠢᠷᠤᠢ ᠨᠢ ᠬᠤᠳᠠᠨ ᠤ ᠪᠡᠯᠴᠢᠭᠡᠷ᠂ ᠠᠯᠢ ᠨᠢᠭᠡ ᠬᠤᠪᠢ ᠬᠦᠮᠦᠨ ᠤ ᠪᠢᠰᠢ᠂ ᠬᠠᠮᠳᠤ ᠪᠡᠷ ᠪᠦᠯᠬᠦᠮᠳᠡᠪᠡᠯ ᠰᠠᠶ‍ᠢ ᠭᠠᠵᠠᠷ ᠰᠢᠷᠤᠢ ᠪᠠᠨ ᠬᠠᠮᠠᠭᠠᠯᠠᠵᠤ ᠴᠢᠳᠠᠨ᠎ᠠ ᠭᠡᠬᠦ ᠰᠤᠷᠭᠠᠨ ᠬᠦᠮᠦᠵᠢᠬᠦᠯᠬᠦ᠂ ᠮᠦᠨ ᠴᠤ ᠰᠡᠷᠡᠮᠵᠢᠯᠡᠭᠦᠯᠬᠦ ᠦᠢᠯᠡᠳᠦᠯ ᠲᠠᠢ ᠪᠠᠶᠢᠵᠤ᠂ ᠵᠠᠯᠠᠭᠤᠰ ᠨᠢ ᠠᠬᠠᠮᠠᠳ  ᠤᠨ ᠢᠶᠡᠨ ᠦᠯᠢᠭᠡᠷ ᠢᠶᠠᠷ ᠤᠮᠤᠭᠰᠢᠯ ᠪᠤᠯᠭᠠᠨ᠂ ᠮᠦᠨ ᠬᠠᠵᠠᠭᠤ ᠬᠠᠪᠢ ᠶ᠋ᠢᠨ ᠭᠠᠵᠠᠷ ᠪᠠᠭ᠎ᠠ ᠲᠠᠢ ᠲᠠᠷᠢᠶᠠᠯᠠᠬᠤ ᠲᠤᠰᠬᠤᠨ ᠨᠣᠭᠣᠳ ᠲᠠᠢ ᠬᠠᠷᠢᠴᠠᠭᠤᠯᠪᠠᠯ ᠬᠤᠪᠢᠨ ᠳ᠋ᠠᠭᠠᠨ ᠭᠠᠵᠠᠷ ᠦᠭᠡᠢ ᠴᠤ ᠬᠤᠳᠠᠨ ᠳ᠋ᠠᠭᠠᠨ ᠠᠭᠤᠵᠢᠮ ᠭᠠᠵᠠᠷ ᠲᠠᠢ ᠳ᠋ᠠᠭᠠᠨ ᠲᠠᠶᠢᠳᠬᠤᠷᠠᠵᠤ ᠶᠠᠪᠤᠵᠤ ᠪᠠᠶᠢᠬᠤ ᠨᠢ ᠮᠡᠳᠡᠭᠳᠡᠵᠦ ᠪᠠᠶᠢᠨ᠎ᠠ᠃
      ᠬᠦᠢᠰᠦᠳᠦ ᠶ᠋ᠢᠨ ᠦᠷᠲᠡᠭᠡᠨ ᠤ ᠬᠦᠮᠦᠰ ᠪᠤᠰᠤᠳ ᠭᠠᠴᠠᠭ᠎ᠠ ᠲᠤᠰᠬᠤᠨ ᠤ ᠬᠦᠮᠦᠰ ᠲᠠᠢ ᠭᠠᠵᠠᠷ ᠪᠤᠯᠢᠶᠠᠯᠳᠤᠬᠤ ᠶᠠᠪᠤᠴᠠ ᠳ᠋ᠠᠭᠠᠨ᠂ ᠲᠠᠷᠤᠢ ᠪᠦᠯᠬᠦᠮ ᠤᠨ ᠭᠠᠳᠠᠨᠠᠬᠢ ᠵᠢᠭᠤᠷᠠᠭᠠᠨ ᠤ ᠶᠠᠪᠤᠴᠠ ᠳ᠋ᠠᠭᠠᠨ ᠪᠦᠯᠬᠦᠮ ᠤᠨ ᠭᠠᠳᠠᠨᠠᠬᠢ ᠵᠢᠭᠤᠷᠠᠭᠠᠨ ᠢ ᠰᠡᠷᠭᠡᠶᠢᠯᠡᠬᠦ ᠵᠠᠡᠭᠰᠢᠯ ᠤᠨ ᠬᠠᠤᠯᠢ  ᠪᠤᠶᠤ 《 ᠭᠠᠵᠠᠷ ᠰᠢᠷᠤᠢ ᠪᠤᠯ ᠬᠠᠮᠳᠤ ᠶ᠋ᠢᠨ ᠬᠢ᠂ ᠬᠡᠨ ᠴᠤ ᠬᠤᠪᠢᠷᠠᠭᠠᠵᠦ ᠪᠤᠯᠬᠤ ᠦᠭᠡᠢ 》 ᠭᠡᠳᠡᠭ ᠬᠠᠮᠳᠤ ᠶ᠋ᠢᠨ ᠲᠠᠨᠢᠯᠳᠠ ᠪᠤᠶᠤ 《 ᠬᠠᠤᠯᠢ 》 ᠲᠠᠢ ᠪᠤᠯᠵᠠᠢ᠃
      ᠬᠦᠢᠰᠦᠳᠦ ᠶ᠋ᠢᠨ ᠦᠷᠲᠡᠭᠡᠨ ᠤ ᠭᠠᠵᠠᠷ ᠰᠢᠷᠤᠢ ᠶ᠋ᠢᠨ ᠬᠠᠮᠳᠤᠴᠢ ᠡᠵᠡᠩᠨᠡᠯᠳᠡ ᠶ᠋ᠢᠨ ᠠᠬᠤᠶᠢᠴᠢ ᠦᠢᠯᠡᠳᠦᠯ ᠨᠢ ᠲᠤᠤᠷᠠᠬᠢ ᠮᠡᠳᠦ ᠭᠤᠷᠪᠠᠨ ᠲᠠᠯ᠎ᠠ ᠪᠡᠷ ᠢᠯᠡᠷᠡᠵᠦ ᠪᠠᠶᠢᠨ᠎ᠠ᠃ ᠨᠢᠭᠡᠲᠦᠭᠡᠷ ᠲᠤ᠄ ᠵᠠᠷᠭᠤ ᠵᠢᠭᠤᠷᠠᠭᠠᠨ ᠢ ᠰᠡᠷᠭᠡᠶᠢᠯᠡᠵᠦ ᠪᠠᠶᠢᠨ᠎ᠠ᠃ ᠤᠶᠢᠷ᠎ᠠ ᠶ᠋ᠢᠨ ᠵᠢᠯ ᠦᠪᠦᠷ ᠮᠤᠡᠭᠭᠤᠯ ᠳ᠋ᠤ ᠨᠤᠲᠤᠭ ᠪᠡᠯᠴᠢᠭᠡᠷ ᠤᠨ ᠵᠢᠭᠤᠷᠠᠭᠠᠨ ᠤᠯᠠᠳᠠᠵᠤ ᠪᠠᠶᠢᠬᠤ ᠨᠢ ᠨᠢᠭᠡ ᠶᠤᠰᠤᠨ ᠳ᠋ᠠᠭᠠᠨ ᠬᠦᠮᠦᠰ ᠤᠨ ᠬᠠᠤᠯᠢ ᠶ᠋ᠢᠨ ᠤᠬᠠᠮᠰᠠᠷ ᠲᠡᠭᠡᠭ᠍ᠰᠢᠯᠡᠭᠰᠡᠨ ᠤ ᠪᠢᠰᠢ ᠬᠠᠷᠢᠨ ᠨᠤᠲᠤᠭ ᠪᠡᠯᠴᠢᠭᠡᠷ ᠭᠡᠬᠦ ᠡᠬᠢ ᠪᠠᠶᠠᠯᠢᠭ ᠢ ᠴᠤᠭᠭᠠᠷ ᠠᠰᠢᠭᠯᠠᠵᠤ ᠪᠠᠶᠢᠭᠰᠠᠨ ᠲᠤᠭᠳᠠᠯᠴᠠᠭ᠎ᠠ ᠶ᠋ᠢ ᠦᠭᠡᠶᠢᠰᠬᠡᠨ᠂ ᠬᠦᠮᠦᠰ ᠲᠤ 《 ᠭᠠᠵᠠᠷ ᠬᠤᠪᠢ ᠬᠦᠮᠦᠨ ᠤ ᠬᠢ 》 ᠭᠡᠳᠡᠭ ᠪᠤᠷᠤᠭᠤ ᠲᠠᠨᠢᠯᠳᠠ ᠲᠠᠢ ᠪᠤᠯᠭᠠᠭᠰᠠᠨ ᠡᠴᠡ ᠰᠢᠯᠳᠠᠭᠠᠯᠠᠵᠠᠢ᠃ ᠡᠭᠦᠨ ᠢ ᠪᠢᠳᠡ ᠬᠦᠮᠦᠰ ᠤᠨ ᠨᠤᠲᠤᠭ ᠪᠡᠯᠴᠢᠭᠡᠷ ᠤᠨ ᠲᠤᠬᠠᠢ ᠬᠡᠷᠡᠭᠯᠡᠵᠦ ᠪᠠᠶᠢᠬᠤ ᠦᠭᠡᠨ ᠡᠴᠡ ᠨᠢ ᠮᠡᠳᠡᠵᠦ ᠪᠤᠯᠤᠨ᠎ᠠ᠃ ᠦᠨᠡᠨᠳᠡᠭᠡᠨ ᠭᠠᠵᠠᠷ ᠰᠢᠷᠤᠢ ᠪᠤᠯ ᠬᠠᠮᠳᠤ ᠶ᠋ᠢᠨ ᠦᠮᠴᠢᠯᠡᠯ ᠤᠨ ᠪᠤᠶᠤ ᠭᠠᠴᠠᠭᠠᠨ ᠤ ᠭᠡᠳᠡᠭ ᠦᠨᠳᠦᠰᠦᠨ ᠰᠢᠨᠵᠢ ᠴᠢᠨᠠᠷ ᠢ ᠨᠢ ᠬᠤᠪᠢᠷᠠᠭᠤᠯᠤᠭᠰᠠᠨ ᠦᠭᠡᠢ ᠨᠦᠬᠦᠴᠡᠯ ᠲᠤᠤᠷ᠎ᠠ ᠭᠠᠵᠠᠷ ᠰᠢᠷᠤᠢ ᠶ᠋ᠢ ᠬᠤᠭᠤᠴᠠᠭ᠎ᠠ ᠲᠠᠢ ᠪᠡᠷ ᠡᠷᠦᠬᠡ ᠳ᠋ᠤ ᠲᠠᠭᠠᠭᠠᠴᠢᠯᠠᠭᠤᠯᠤᠨ ᠡᠵᠡᠩᠨᠡᠭᠦᠯᠦᠭᠰᠡᠨ ᠪᠠᠶᠢᠳᠠᠯ᠎ᠠ ᠮᠠᠯᠴᠢᠳ ᠲᠡᠭᠦᠨ ᠢ ᠮᠢᠨᠤᠬᠢ ᠪᠤᠯᠤᠯ᠎ᠠ ᠭᠡᠵᠦ ᠪᠤᠷᠤᠭᠤ ᠤᠶᠢᠯᠠᠭᠠᠨ᠂ ᠭᠠᠳᠠᠨ᠎ᠠ ᠶ᠋ᠢᠨ ᠬᠦᠮᠦᠰ ᠲᠤ ᠪᠡᠯᠴᠢᠭᠡᠷ ᠢᠶᠡᠨ ᠲᠦᠷᠢᠶᠡᠰᠦᠯᠡᠭᠦᠯᠬᠦ ᠶ᠋ᠢ 《 ᠬᠤᠳᠠᠯᠳᠤᠵᠠᠢ 》 ᠭᠡᠵᠦ ᠬᠡᠯᠡᠬᠦ ᠪᠤᠯᠵᠠᠢ᠃ ᠨᠡᠡᠭ ᠴᠢᠨᠠᠭᠰᠢᠯᠠᠨ ᠵᠠᠷᠢᠮ ᠭᠠᠵᠠᠷ ᠮᠠᠯᠴᠢᠳ ᠡᠨᠡ ᠮᠢᠨᠤ ᠨᠤᠲᠤᠭ ᠬᠡᠮᠡᠨ ᠨᠤᠲᠤᠭ ᠢᠶᠡᠨ ᠰᠡᠭᠴᠢᠨ ᠬᠠᠶᠢᠷ ᠴᠢᠯᠠᠭᠤ ᠭᠠᠷᠭᠠᠵᠤ᠂ ᠰᠡᠷᠭᠦᠭᠡᠬᠦ ᠶ᠋ᠢᠨ ᠠᠷᠭ᠎ᠠ ᠦᠭᠡᠢ ᠪᠤᠯᠳᠠᠯ᠎ᠠ ᠡᠪᠳᠡᠯᠡᠵᠦ ᠪᠠᠶᠢᠬᠤ ᠨᠢ ᠲᠦᠷᠦ ᠶ᠋ᠢᠨ ᠬᠠᠤᠯᠢ ᠴᠦᠬᠡᠨ ᠲᠤᠭᠠᠳᠤ ᠦᠨᠳᠦᠰᠦᠳᠡᠨ ᠤ ᠲᠤᠬᠠᠢ ᠶ᠋ᠢᠨ ᠭᠠᠵᠠᠷ ᠤᠨ ᠰᠤᠶᠤᠯ ᠲᠠᠢ ᠠᠭᠤᠰᠤᠯᠴᠠᠭᠰᠠᠨ ᠦᠭᠡᠢ᠂ ᠬᠡᠷᠡᠭᠵᠢᠭᠦᠯᠦᠭᠳᠡᠬᠦ ᠶᠠᠪᠤᠴᠠ ᠳ᠋ᠠᠭᠠᠨ ᠡᠮᠵᠡᠭ ᠭᠠᠷᠴᠠᠢ ᠭᠡᠳᠡᠭ ‍ᠢ ᠭᠡᠷᠡᠴᠢᠯᠡᠵᠦ ᠪᠠᠢᠢᠨ᠎ᠠ᠃
      ᠬᠤᠶᠠᠳᠤᠭᠠᠷ ᠲᠤ᠄ ᠵᠠᠷᠤᠳᠠᠯ ᠢ ᠠᠷᠪᠢᠯᠠᠵᠤ ᠪᠠᠶᠢᠨ᠎ᠠ᠃ ᠨᠢᠭᠡ ᠲᠠᠯ᠎ᠠ ᠪᠡᠷ ᠬᠦᠢᠰᠦᠳᠦ  ‍ᠶ᠋ᠢᠨ ᠦᠷᠲᠡᠭᠡᠨ ᠤ ᠬᠦᠮᠦᠰ ᠭᠠᠵᠠᠷ ᠢᠶᠡᠨ ᠡᠷᠦᠬᠡ ᠳ᠋ᠤ ᠲᠠᠭᠠᠭᠠᠴᠢᠯᠠᠭᠤᠯᠤᠭᠰᠠᠨ ᠦᠭᠡᠢ ᠡᠴᠡ ᠲᠤᠳᠤᠭᠠᠳᠤ ᠶ᠋ᠢᠨ ᠪᠦᠯᠬᠦᠮᠳᠡᠯ ᠨᠢ ᠡᠪᠳᠡᠭᠳᠡᠭᠡ ᠦᠭᠡᠢ ᠪᠦᠭᠡᠳ ᠵᠠᠷᠭᠤ ᠡᠭᠦᠰᠬᠦ ᠶ᠋ᠢ ᠬᠤᠷᠢᠭᠯᠠᠵᠤ ᠴᠢᠳᠠᠭᠰᠠᠨ ᠡᠴᠡ ᠵᠠᠷᠭᠤ ᠬᠦᠭᠡᠭᠡᠬᠦ ᠡᠴᠡ ᠪᠤᠯᠤᠭᠰᠠᠨ ᠵᠠᠷᠤᠳᠠᠯ ᠢ ᠠᠷᠪᠢᠯᠠᠵᠠᠢ᠃ ᠨᠦᠭᠦᠭᠡ ᠲᠠᠯ᠎ᠠ ᠪᠡᠷ ᠪᠡᠯᠴᠢᠭᠡᠷ ᠢᠶᠡᠨ ᠬᠤᠪᠢᠶᠠᠭᠰᠠᠨ ᠦᠭᠡᠢ ᠡᠴᠡ ᠬᠤᠪᠢ ᠠᠶᠢᠯ ᠤᠨ ᠪᠡᠯᠴᠢᠭᠡᠷ ᠤᠨ ᠵᠠᠭᠠᠭ ᠲᠤᠳᠤᠷᠠᠭᠤᠯᠵᠤ ᠲᠤᠤᠷ ᠬᠦᠷᠢᠶ᠎ᠡ ᠳᠠᠳᠠᠬᠤ ᠵᠠᠷᠤᠳᠠᠯ ᠢ ᠦᠭᠡᠶᠢᠰᠬᠡᠨ᠂ ᠨᠡᠡᠭ ᠴᠢᠨᠠᠭᠰᠢᠯᠠᠨ ᠲᠤᠤᠷ ᠬᠦᠷᠢᠶ᠎ᠠ ᠪᠠᠨ ᠰᠠᠬᠢᠵᠤ ᠬᠠᠷᠠᠬᠤ᠂ ᠬᠠᠮᠠᠭᠠᠯᠠᠵᠤ ᠰᠡᠯᠪᠢᠬᠦ ᠵᠠᠷᠤᠳᠠᠯ ᠢ ᠠᠷᠪᠢᠯᠠᠵᠠᠢ᠃ ᠡᠭᠦᠨ ᠤ ᠤᠷᠪᠠᠭᠤ ᠨᠢᠭᠡ ᠵᠢᠱᠢᠶ᠎ᠡ ᠨᠢ 1997 ᠤᠨ ᠳ᠋ᠤ ᠨᠤᠲᠤᠭ ᠪᠡᠯᠴᠢᠭᠡᠷ ᠢ ᠡᠷᠦᠬᠡ ᠳ᠋ᠤ ᠲᠠᠭᠠᠭᠠᠴᠢᠯᠠᠭᠤᠯᠤᠭᠰᠠᠨ ᠤ ᠲᠠᠷᠠᠭ᠎ᠠ ᠠᠷᠤ ᠬᠤᠷᠴᠢᠨ ᠬᠤᠰᠢᠭᠤᠨ ᠤ ᠪᠡᠯᠴᠢᠭᠡᠷ ᠨᠢ ᠵᠠᠬ᠎ᠠ ᠨᠡᠶᠢᠯᠡᠵᠦ ᠪᠠᠶᠢᠭ᠎ᠠ ᠬᠤᠶᠠᠷ ᠠᠶᠢᠯ ᠤᠨ ᠨᠢᠭᠡ ᠨᠢ ᠤᠷᠢᠳᠠᠪᠠᠷ ᠪᠡᠯᠴᠢᠭᠡᠷ ᠢᠶᠡᠨ ᠵᠠᠭᠠᠭᠯᠠᠨ ᠲᠡᠮᠦᠷ ᠲᠤᠤᠷ ᠲᠠᠲᠠᠵᠠᠢ᠂ ᠢᠩᠬᠢᠬᠦ ᠳ᠋ᠤ ᠨᠦᠭᠦᠭᠡ ᠠᠶᠢᠯ ᠨᠢ ᠲᠤᠤᠷ ᠲᠠᠳᠠᠬᠤ ᠳ᠋ᠠᠭᠠᠨ ᠵᠡᠷᠭᠡᠯᠳᠡᠭᠡ ᠠᠶᠢᠯ ᠢᠶᠡᠨ ᠡᠷᠢᠵᠤ ᠵᠠᠭᠠᠭ ᠲᠡᠭᠡᠷᠡᠬᠢ ᠲᠤᠤᠷ ᠤᠨ ᠬᠢᠨᠢ ᠬᠠᠭᠠᠰ ᠮᠦᠩᠬᠦ ᠶ᠋ᠢ ᠨᠢ ᠲᠦᠯᠦᠵᠦ ᠵᠠᠯᠭᠠᠭᠤᠯᠤᠨ ᠲᠤᠤᠷ ᠲᠠᠲᠠᠭᠰᠠᠨ ᠪᠢᠰᠢ ᠬᠠᠷᠢᠨ ᠬᠤᠶᠠᠷ ᠠᠶᠢᠯ ᠤᠨ ᠵᠠᠭᠠᠭ ᠲᠡᠭᠡᠷ᠎ᠡ ᠲᠠᠬᠢᠨ ᠨᠢᠭᠡ ᠮᠦᠷ ᠲᠤᠤᠷ ᠲᠠᠲᠠᠵᠤ ᠠᠷᠪᠠᠨ ᠬᠤᠷᠤᠭᠤ ᠵᠠᠶᠢᠳᠠᠢ ᠲᠠᠪᠬᠤᠷ ᠲᠤᠤᠷ ᠲᠠᠳᠠᠵᠠᠢ᠃ ᠶᠠᠷᠢᠶᠠᠨ ᠦᠭᠡᠢ ᠰᠡᠭᠦᠯ ᠳ᠋ᠤ ᠲᠤᠤᠷ ᠲᠠᠳᠠᠭᠰᠠᠨ ᠬᠦᠮᠦᠨ ᠨᠢ ᠲᠤᠤᠷ ᠲᠠᠳᠠᠬᠤ ᠲᠦᠯᠦᠪᠯᠡᠭᠡ ᠦᠭᠡᠢ ᠪᠠᠶᠢᠭᠰᠠᠨ ᠪᠦᠭᠡᠳ ᠤᠷᠢᠳᠠᠪᠡᠷ ᠭᠠᠵᠠᠷ ᠢᠶᠡᠨ ᠵᠠᠭᠠᠭᠯᠠᠨ ᠲᠤᠤᠷ ᠲᠠᠳᠠᠭᠰᠠᠨ ᠠᠵᠢᠯᠯᠠᠭ᠎ᠠ ᠳ᠋ᠤ ᠲᠠᠪᠬᠤᠷ ᠲᠤᠤᠷ ᠲᠠᠳᠠᠬᠤ ᠪᠤᠳᠠᠳᠤ ᠠᠵᠢᠯᠯᠠᠭ᠎ᠠ ᠪᠡᠷ ᠢᠶᠡᠨ ᠡᠰᠡᠷᠭᠦᠴᠡᠯ ᠦᠵᠡᠭᠦᠯᠦᠭᠰᠡᠨ ᠤᠴᠢᠷ ᠪᠠᠶᠢᠵᠤ ᠮᠡᠳᠡᠨ᠎ᠠ ᠡ᠃ ᠡᠨᠡ ᠲᠤᠬᠠᠢ ᠠᠮᠸᠷᠢᠺᠠ ᠶ᠋ᠢᠨ ᠬᠠᠤᠯᠢ ᠶ᠋ᠢᠨ ᠬᠦᠮᠦᠨ ᠵᠦᠢ ᠶ᠋ᠢᠨ ᠡᠷᠳᠡᠮᠳᠡᠨ ᠷᠤᠪᠸᠷᠲ᠂ C᠂ ᠡᠯᠢᠺᠰᠸᠨ︵Robert C᠂Ellickson︶ ᠤ 《 ᠬᠠᠤᠯᠢ ᠬᠡᠷᠡᠭᠰᠡᠬᠦ ᠦᠭᠡᠢ ᠲᠢᠭᠯᠢᠮ — ᠰᠠᠬᠠᠭᠠᠯᠳᠠ ᠬᠦᠮᠦᠰ ᠬᠡᠷᠬᠢᠨ ᠵᠢᠭᠤᠷᠠᠭᠠᠨ ᠢᠶᠡᠨ ᠰᠢᠢᠳᠪᠦᠷᠢᠯᠡᠳᠡᠭ ᠪᠤᠢ》ᠬᠡᠬᠦ ᠨᠤᠮ ᠳ᠋ᠡᠬᠢ ᠠᠮᠸᠷᠢᠺᠠ ᠶ᠋ᠢᠨ ᠱᠠᠰᠲ᠋ᠠ ᠰᠢᠶᠠᠨ ᠤ ᠮᠠᠯᠴᠢᠳ ᠤᠨ ᠲᠡᠮᠦᠷ ᠲᠤᠤᠷ ᠤᠨ ᠲᠤᠬᠠᠢ ᠬᠠᠮᠳᠤ ᠶ᠋ᠢᠨ ᠲᠠᠨᠢᠯᠳᠠ ᠪᠤᠶᠤ ᠵᠠᠡᠭᠰᠢᠯ ᠤᠨ ᠲᠤᠬᠠᠢ ᠵᠢᠱᠢᠶ᠎ᠡ ᠶ᠋ᠢ ᠶᠠᠷᠢᠵᠤ ᠪᠤᠯᠤᠨ᠎ᠠ᠃ ᠱᠠᠰᠲ᠋ᠠ ᠰᠢᠶᠠᠨ ᠨᠢ ᠮᠦᠨ ᠮᠠᠯᠵᠢᠬᠤ ᠰᠢᠶᠠᠨ ᠪᠠᠶᠢᠵᠤ᠂ ᠠᠯᠢ ᠨᠢᠭᠡ ᠮᠠᠯᠴᠢᠨ ᠨᠢ ᠪᠡᠯᠴᠢᠭᠡᠷ ᠢᠶᠡᠨ ᠬᠦᠷᠢᠶᠡᠯᠡᠭᠦᠯᠦᠨ ᠲᠤᠤᠷ ᠲᠠᠲᠠᠪᠠᠯ ᠤᠷᠢᠳᠡᠪᠡᠷ ᠲᠤᠤᠷ ᠲᠠᠳᠠᠭᠰᠠᠨ ᠬᠦᠮᠤᠨ ᠨᠢ ᠰᠡᠭᠦᠯ ᠳᠤ ᠲᠤᠤᠷ ᠲᠠᠳᠠᠭᠰᠠᠨ ᠬᠦᠮᠤᠨ ᠢᠢᠨᠨ ᠵᠠᠭᠠᠭ ᠲᠡᠭᠡᠷ᠎ᠡ ᠲᠠᠲᠠᠭᠰᠠᠨ ᠲᠤᠤᠷ ᠤᠨ ᠵᠤᠭᠤᠰ ᠤᠨ ᠬᠢᠨᠢ ᠬᠠᠭᠠᠰ ᠢ ᠨᠢ ᠵᠡᠷᠭᠡᠯᠳᠡᠭᠡ ᠠᠶᠢᠯ ᠤᠨ ᠬᠢᠨᠢ ᠲᠡᠭᠦᠨ ᠳ᠋ᠤ ᠦᠭ᠍ᠬᠦ ᠶ᠋ᠢ ᠬᠦᠰᠡᠭᠦ ᠦᠭᠡᠢ᠂ ᠬᠠᠷᠢᠨ ᠲᠤᠤᠷ ᠨᠢ ᠡᠪᠳᠡᠷᠡᠪᠡᠯ ᠲᠤᠤᠷ ᠤᠨ ᠵᠤᠭᠤᠰ ᠭᠠᠷᠭᠠᠭᠰᠠᠨ ᠦᠭᠡᠢ ᠡᠳᠡᠭᠡᠳ ᠨᠢ ᠲᠤᠤᠷ ᠢ ᠨᠢ ᠵᠠᠰᠠᠵᠤ᠂ ᠬᠤᠶᠢᠨ᠎ᠠ ᠲᠤᠤᠷ ᠲᠠᠳᠠᠭᠰᠠᠨ ᠬᠦᠮᠦᠨ ᠤ ᠦᠬᠡᠷ ᠨᠢ ᠤᠷᠢᠳᠠᠪᠡᠷ ᠲᠤᠤᠷ ᠲᠠᠲᠠᠭᠰᠠᠨ ᠬᠦᠮᠦᠨ ᠤ ᠪᠡᠯᠴᠢᠭᠡᠷ ᠲᠤ ᠤᠷᠤᠬᠤ ᠦᠭᠡᠢ ᠪᠠᠶᠢᠬᠤ ᠶ᠋ᠢ ᠪᠠᠳᠤᠯᠠᠬᠤ ᠶ᠋ᠢ ᠬᠦᠰᠡᠳᠡᠭ᠃ ᠲᠠᠷᠤᠢ ᠰᠡᠭᠦᠯ ᠳᠤ ᠲᠤᠤᠷ ᠲᠠᠳᠠᠭᠰᠠᠨ ᠬᠦᠮᠤᠨ ᠨᠢ ᠤᠷᠢᠳᠡᠪᠡᠷ ᠲᠤᠤᠷ ᠲᠠᠳᠠᠭᠰᠠᠨ ᠬᠦᠮᠤᠨ ᠤ ᠪᠠᠨ ᠲᠤᠤᠷ ᠢ ᠨᠢ ᠰᠡᠯᠪᠢᠵᠦ ᠮᠠᠯ ᠨᠢ ᠵᠡᠷᠭᠡᠯᠡᠳᠡᠭᠡ ᠠᠢᠢᠯ ᠤᠨ ᠢᠢᠨᠨ ᠲᠤᠤᠷ ᠲᠤ ᠤᠷᠤᠬᠤ ᠦᠭᠡᠢ ᠪᠠᠶᠢᠬᠤ ᠶ᠋ᠢ ᠪᠠᠳᠤᠯᠠᠬᠤ ᠠᠷᠭ᠎ᠠ ᠪᠡᠷ ᠲᠤᠤᠷ ᠤᠨ ᠦᠷᠲᠡᠭ ᠢ ᠨᠢ ᠲᠦᠯᠦᠵᠦ ᠪᠠᠶᠢᠬᠤ ᠤᠬᠠᠭᠠᠨᠳᠠᠢ᠃ ᠲᠠᠪᠬᠤᠷ ᠲᠤᠤᠷ ᠲᠠᠲᠠᠭᠰᠠᠨ ᠵᠢᠱᠢᠶ᠎ᠡ ᠨᠢ ᠶᠡᠷᠦᠨᠢ ᠭᠠᠵᠠᠷ ᠨᠤᠲᠤᠭ ᠬᠤᠪᠢᠷᠬᠠᠬᠤ ᠤᠯᠠᠮᠵᠢᠯᠠᠯ ᠦᠭᠡᠢ ᠮᠤᠡᠭᠭᠤᠯ ᠵᠤᠷᠰᠢᠯ ᠲᠠᠢ ᠮᠠᠯᠴᠢᠳ ᠬᠡᠨᠡᠳᠳᠡ ᠭᠠᠵᠠᠷ ᠨᠤᠲᠤᠭ ᠬᠤᠪᠢᠴᠢᠯᠠᠬᠤ ᠪᠡᠷ ᠤᠤᠯ ᠤᠨ ᠠᠶᠢᠯ ᠰᠠᠬᠠᠭᠠᠯᠳᠠ ᠶ᠋ᠢᠨ ᠡᠪ ᠨᠠᠶᠢᠷ ᠨᠢ ᠡᠪᠳᠡᠭᠳᠡᠵᠦ᠂ ᠨᠢᠭᠡ ᠶᠤᠰᠤᠨ ᠳ᠋ᠠᠭᠠᠨ ᠬᠦᠳᠡᠭᠡ ᠲᠤᠰᠬᠤᠨ ᠤ ᠭᠠᠵᠠᠷ ᠰᠢᠷᠤᠢ ᠶ᠋ᠢᠨ ᠲᠠᠭᠠᠭᠠᠴᠢᠯᠠᠯᠳᠠ ᠶ᠋ᠢᠨ ᠬᠠᠤᠯᠢ ᠨᠢ ᠲᠠᠷᠢᠶᠠᠯᠠᠬᠤ ᠰᠤᠶᠤᠯ ᠤᠨ ᠦᠨᠳᠦᠰᠦ ᠲᠠᠢ ᠡᠴᠡ ᠮᠠᠯᠵᠢᠬᠤ ᠰᠤᠶᠤᠯ ᠲᠠᠢ ᠵᠤᠬᠢᠴᠠᠯ ᠠᠯᠳᠠᠭᠰᠠᠨ ᠢ ᠬᠠᠷᠠᠭᠤᠯᠵᠤ ᠪᠠᠶᠢᠨ᠎ᠠ᠃ ᠮᠦᠨ ᠴᠤ ᠮᠠᠨ ᠤ ᠤᠯᠤᠰ ᠤᠨ ᠬᠠᠤᠯᠢ ᠲᠤᠭᠳᠠᠭᠠᠭᠴᠢᠳ ᠨᠢ ᠪᠢᠴᠢᠭ᠌ ᠤᠨ ᠭᠡᠷ ᠲᠤ ᠬᠠᠤᠯᠢ ᠪᠤᠯᠪᠠᠰᠤᠷᠠᠭᠤᠯᠵᠤ ᠡᠰᠡᠭᠦᠯ᠎ᠡ ᠰᠢᠭᠤᠳ ᠰᠢᠯᠵᠢᠭᠦᠯᠦᠨ ᠠᠪᠴᠢᠷᠠᠵᠤ᠂ ᠦᠨᠳᠦᠰᠦᠨ ᠱᠠᠳᠤᠨ ᠳ᠋ᠤ ᠨᠠᠷᠢᠯᠢᠭ᠋᠍ ᠪᠠᠶᠢᠴᠠᠭᠠᠯᠳᠠ ᠬᠢᠭ᠍ᠰᠡᠨ ᠦᠭᠡᠢ ᠡᠴᠡ ᠬᠠᠤᠯᠢ ᠨᠢ ᠬᠡᠷᠡᠭᠵᠢᠭᠦᠯᠦᠭᠳᠡᠬᠦ ᠶᠠᠪᠤᠴᠠ ᠳ᠋ᠠᠭᠠᠨ ᠭᠡᠮ ᠰᠤᠭᠤᠭ ᠲᠠᠢ ᠪᠤᠯᠤᠭᠰᠠᠨ ᠢ ᠬᠡᠷᠡᠴᠢᠯᠡᠵᠦ ᠪᠠᠶᠢᠨ᠎ᠠ᠃
      ᠭᠤᠷᠪᠠᠳᠤᠭᠠᠷ ᠲᠤ ᠄ ᠲᠤᠳᠤᠭᠠᠳᠤ ᠶ᠋ᠢᠨ ᠪᠦᠯᠬᠦᠮᠳᠡᠯ ᠢ ᠪᠠᠳᠤᠯᠠᠵᠤ᠂ ᠡᠬᠢ ᠪᠠᠶᠠᠯᠢᠭ ᠤᠨ ᠠᠰᠢᠭᠯᠠᠯᠳᠠ ᠶ᠋ᠢ ᠪᠠᠳᠤᠯᠠᠵᠠᠢ᠃ ᠨᠢᠭᠡ ᠲᠠᠯ᠎ᠠ ᠪᠡᠷ ᠨᠤᠲᠤᠭ ᠪᠡᠯᠴᠢᠭᠡᠷ ᠢᠶᠡᠨ ᠡᠷᠦᠬᠡ ᠳ᠋ᠤ ᠲᠠᠭᠠᠭᠠᠴᠢᠯᠠᠭᠤᠯᠬᠤ ᠦᠭᠡᠢ ᠬᠠᠮᠳᠤ ᠪᠠᠷ ᠬᠡᠷᠡᠭᠯᠡᠵᠦ ᠪᠠᠶᠢᠬᠤ ᠨᠢ ᠬᠦᠢᠰᠦᠳᠦ ᠶ᠋ᠢᠨ ᠦᠷᠲᠡᠭᠡᠨ ᠤ ᠵᠠᠡᠭᠰᠢᠯ ᠤᠨ ᠬᠠᠤᠯᠢ ᠶ᠋ᠢᠨ ᠬᠦᠴᠦᠨ ᠲᠠᠢ ᠪᠠᠶᠢᠬᠤ ᠶ᠋ᠢᠨ ᠠᠵᠤ ᠠᠬᠤᠢ ᠶ᠋ᠢᠨ ᠰᠠᠭᠤᠷᠢ ᠨᠢ ᠪᠤᠯᠵᠤ᠂ ᠬᠡᠷᠪᠡ ᠲᠡᠳᠡᠨᠤᠰ ᠨᠤᠲᠤᠭ ᠪᠡᠯᠴᠢᠭᠡᠷ ᠢᠶᠡᠨ ᠡᠷᠦᠬᠡ ᠳ᠋ᠤ ᠲᠠᠭᠠᠭᠠᠴᠢᠯᠠᠭᠤᠯᠤᠨ ᠡᠵᠡᠩᠨᠡᠬᠦ ᠳ᠋ᠤ ᠬᠦᠷᠪᠡᠯ ᠪᠦᠯᠬᠦᠮ ᠴᠤᠭᠴᠠ ᠶ᠋ᠢᠨ ᠬᠢᠨᠢ ᠬᠠᠮᠳᠤ ᠶ᠋ᠢᠨ ᠠᠰᠢᠭ ᠲᠤᠰᠠ ᠶ᠋ᠢᠨ ᠠᠵᠤ ᠠᠬᠤᠢ ᠶ᠋ᠢᠨ ᠰᠠᠭᠤᠷᠢ ᠨᠢ ᠤᠰᠠᠳᠴᠤ᠂ ᠡᠷᠦᠬᠡ ᠪᠡᠷ ᠨᠢᠭᠡᠴᠢ ᠪᠤᠯᠭᠠᠭᠰᠠᠨ ᠠᠰᠢᠭ ᠲᠤᠰᠠ ᠶ᠋ᠢᠨ ᠨᠢᠭᠡᠴᠢ ᠨᠤᠭᠥᠳ ᠢᠯᠡᠷᠡᠵᠦ᠂ ᠪᠦᠯᠬᠦᠮ ᠴᠤᠭᠴᠠ ᠶ᠋ᠢᠨ ᠲᠤᠳᠤᠭᠠᠳᠤ ᠶ᠋ᠢᠨ ᠵᠠᠳᠠᠷᠠᠯ ᠭᠠᠷᠴᠤ ᠲᠤᠳᠤᠭᠠᠳᠤ ᠳ᠋ᠠᠭᠠᠨ ᠵᠢᠭᠤᠷᠠᠭᠠᠨ ᠡᠬᠦᠰᠬᠦ ᠪᠤᠯᠤᠮᠵᠢ ᠲᠠᠢ᠃ ᠶᠠᠭ ᠡᠶᠢᠮᠦᠷᠬᠦ ᠭᠠᠵᠠᠷ ᠰᠢᠷᠤᠢ ᠶ᠋ᠢᠨ ᠬᠠᠮᠳᠤ ᠶ᠋ᠢᠨ ᠡᠵᠡᠩᠨᠡᠯᠳᠡ ᠡᠴᠡ ᠪᠤᠯᠵᠤ᠂ ᠬᠦᠢᠰᠦᠳᠦ ᠶ᠋ᠢᠨ ᠦᠷᠲᠡᠭᠡᠨ ᠤ ᠲᠤᠳᠤᠭᠠᠳᠤ ᠶ᠋ᠢᠨ ᠪᠦᠯᠬᠦᠮᠳᠡᠯ ᠢ ᠨᠢ ᠪᠠᠳᠤᠯᠠᠵᠤ᠂ ᠵᠠᠷᠭᠤ ᠤᠯᠠᠳᠠᠬᠤ ᠶ᠋ᠢ ᠰᠡᠷᠭᠡᠶᠢᠯᠡᠵᠡᠢ᠃ ᠨᠦᠭᠦᠭᠡ ᠲᠠᠯ᠎ᠠ ᠪᠡᠷ ᠪᠡᠯᠴᠢᠭᠡᠷ ᠤᠨ ᠲᠠᠭᠠᠭᠠᠴᠠ ᠡᠴᠡ ᠦᠵᠡᠬᠦ ᠳ᠋ᠤ ᠮᠤᠡᠭᠭᠤᠯᠴᠤᠳ ᠬᠡᠳᠦᠶᠢᠪᠡᠷ ᠨᠡᠭᠦᠳᠡᠯᠯᠡᠨ ᠮᠠᠯᠵᠢᠵᠤ ᠪᠡᠯᠴᠢᠭᠡᠷ ᠰᠡᠯᠬᠦᠬᠦ ᠵᠤᠷᠰᠢᠯ ᠲᠠᠢ ᠴᠤ ᠪᠡᠯᠴᠢᠭᠡᠷ ᠢᠶᠡᠨ ᠲᠠᠰᠤᠳᠠᠨ ᠬᠡᠷᠡᠭᠯᠡᠬᠦ ᠵᠤᠷᠰᠢᠯ ᠦᠭᠡᠢ᠃ ᠪᠡᠯᠴᠢᠭᠡᠷ ᠤᠨ ᠬᠤᠪᠢ ᠳ᠋ᠤ ᠮᠢᠡᠭᠭᠠᠨ ᠮᠤ ᠪᠡᠯᠴᠢᠭᠡᠷ ᠢ ᠬᠤᠶᠠᠷ ᠬᠤᠪᠢᠶᠠᠪᠠᠯ ᠬᠡᠰᠡᠭ ᠪᠦᠷᠢ ᠳ᠋ᠤ ᠵᠦᠪᠬᠡᠨ ᠵᠠᠭᠤᠨ ᠬᠤᠨᠢ ᠮᠠᠯᠵᠢᠵᠤ ᠪᠤᠯᠳᠠᠭ ᠲᠤ ᠬᠦᠷᠪᠡᠯ ᠬᠡᠷᠪᠡ ᠮᠢᠡᠭᠭᠠᠨ ᠮᠤ ᠪᠡᠯᠴᠢᠭᠡᠷ ᠢ ᠲᠠᠰᠤᠳᠠᠬᠤ ᠦᠭᠡᠢ ᠪᠡᠷ ᠮᠠᠯ ᠮᠠᠯᠵᠢᠪᠠᠯ ᠬᠤᠶᠠᠷ ᠵᠠᠭᠤᠨ ᠬᠤᠨᠢ ᠡᠴᠡ ᠲᠡᠭᠡᠭ᠍ᠰᠢ ᠬᠤᠨᠢ ᠮᠠᠯᠵᠢᠵᠤ ᠬᠦᠷᠦᠨ᠎ᠡ ᠭᠡᠳᠡᠭ ᠢ ᠬᠡᠮᠵᠢᠨ ᠨᠤᠳ᠋ᠯᠠᠬᠤ ᠦᠭᠡᠢ ᠴᠤ ᠦᠢᠯᠡᠳᠦᠯᠭᠡ ᠭᠡᠷᠡᠴᠢᠯᠡᠵᠦ ᠴᠢᠳᠠᠨ᠎ᠠ᠃ ᠡᠨᠡ ᠤᠳᠬ᠎ᠠ ᠡᠴᠡ ᠬᠦᠢᠰᠦᠳᠦ ᠶ᠋ᠢᠨ ᠦᠷᠲᠡᠭᠡᠨ ᠤ ᠭᠠᠵᠠᠷ ᠰᠢᠷᠤᠢ ᠶ᠋ᠢᠨ ᠡᠵᠡᠭᠨᠡᠯᠳᠡ ᠶ᠋ᠢᠨ ᠤᠳᠤᠬᠢ ᠪᠠᠶᠢᠳᠠᠯ ᠨᠢ ᠪᠡᠯᠴᠢᠭᠡᠷ ᠤᠨ ᠪᠠᠭᠳᠠᠭᠠᠮᠵᠢ ᠶ᠋ᠢ ᠪᠠᠳᠤᠯᠠᠬᠤ ᠠᠵᠤ ᠠᠬᠤᠢ ᠶ᠋ᠢᠨ ᠦᠷ᠎ᠡ ᠠᠰᠢᠭ ᠲᠠᠢ᠃
      
      


  
   2018-04-21 09:06
   220 
    38 
    
0
  



   
 







     
             
   13847635928   qinggis@163.com
           sorqin@sorqin.com
 ICP   12001629  
    15042102000103  